ᠴᠢᠯᠦᠭᠡᠯᠡᠭᠳᠡᠬᠦ ᠠᠴᠠ ᠡᠮᠦᠨ᠎ᠡ ᠳᠦᠷᠪᠡᠳ ᠬᠤᠰᠢᠭᠤᠨ ᠳᠤ ᠭᠤᠤᠯᠳᠠᠭᠤ ᠯᠠᠮᠠ ᠶᠢᠨ ᠱᠠᠰᠢᠨ᠂ ᠺᠠᠲ᠋ᠤᠯᠢᠭ | ᠱᠠᠰᠢᠨ᠂ ᠢᠰᠯᠠᠮ ᠤᠨ ᠱᠠᠰᠢᠨ ᠳᠡᠯᠭᠡᠷᠡᠵᠤ ᠪᠠᠶᠢᠭᠰᠠᠨ ᠠᠴᠠ ᠭᠠᠳᠠᠨ᠎ᠠ ᠪᠦᠭᠡ ᠮᠦᠷᠬᠦᠯ ᠴᠤ ᠮᠠᠯᠵᠢᠬᠤ ᠤᠷᠤᠨ ᠤ | ᠮᠤᠩᠭᠤᠯᠴᠤᠳ ᠤᠨ ᠳᠤᠮᠳᠠ ᠡᠳᠦᠢ ᠳᠡᠳᠦᠢ ᠨᠦᠯᠦᠭᠡ ᠲᠠᠢ ᠪᠠᠶᠢᠵᠠᠢ᠃ ᠡᠬᠦᠨ ᠠᠴᠠ ᠭᠠᠳᠠᠨ᠎ᠠ ᠳᠠᠷᠢᠶᠠᠯᠬᠤ | ᠤᠷᠤᠨ ᠳᠤ ︽ᠴᠢᠩ ᠬᠤᠩ ᠪᠠᠩ︾᠂ ︽ᠢ ᠭᠤᠸᠠᠨ ᠳ᠋ᠤᠤ︾ ᠮᠡᠳᠦ ᠶᠢᠨ ᠰᠤᠷᠳᠠᠬᠤᠨ ᠴᠤ ᠪᠠᠶᠢᠵᠤ | ᠦᠩᠭᠡᠷᠡᠵᠡᠢ᠃ ᠴᠢᠯᠦᠭᠡᠯᠡᠭᠳᠡᠭᠰᠡᠨ ᠤ ᠳᠠᠷᠠᠭ᠎ᠠ ᠱᠠᠰᠢᠨ ᠰᠤᠷᠳᠠᠬᠤᠨ ᠤ ᠳᠤᠬᠠᠢ ᠨᠠᠮ ᠤᠨ ᠳᠦᠷᠦ ᠶᠢᠨ ᠪᠤᠳᠤᠯᠭ᠎ᠠ | ᠳᠤᠤᠱᠯᠭᠳᠠᠨ ᠨᠠᠶᠢᠳᠠᠪᠦᠷᠢᠵᠢᠭᠤᠯᠵᠤ᠂ ᠵᠦᠢ ᠵᠤᠬᠢᠰᠳᠡᠢ ᠱᠠᠰᠢᠨ ᠤ ᠠᠵᠢᠯᠯᠠᠭ᠎ᠠ ᠶᠢ ᠵᠦᠪᠰᠢᠶᠡᠷᠡᠨ ᠬᠠᠮᠠᠭᠠᠯᠠᠵᠤ᠂ | ᠳᠡᠷᠰᠯᠡᠬᠦᠤ ᠰᠤᠷᠳᠠᠬᠤᠨ ᠢ ᠴᠠᠬᠠᠵᠠᠯᠠᠪᠠ᠃ ︽ᠰᠤᠶᠤᠯ ᠤᠨ ᠬᠤᠪᠢᠰᠬᠠᠯ︾ ᠤᠨ ᠳᠤᠮᠳᠠ ᠠᠯᠢᠪᠠ ᠱᠠᠰᠢᠨ ᠤ | ᠠᠵᠢᠯᠯᠠᠭ᠎ᠠ ᠪᠦᠷ ︽ᠬᠤᠪᠢᠰᠬᠠᠯ ᠤᠨ ᠡᠰᠡᠷᠬᠦᠤ ᠠᠵᠢᠯᠯᠠᠭ᠎ᠠ︾ ︿︽ᠮᠤᠩᠬᠠᠭ ᠪᠢᠰᠢᠷᠡᠯ︾᠂ ︽ᠳᠦᠷᠪᠡᠨ | ᠬᠠᠭᠤᠴᠢᠨ︾ ᠢᠶᠠᠷ ᠳᠤᠭᠠᠴᠢᠭᠳᠠᠨ ᠴᠠᠭᠠᠵᠠᠯᠠᠭᠳᠠᠵᠤ ᠰᠦᠮ᠎ᠡ ᠭᠡᠶᠢᠳ ᠶᠡᠬᠡᠪᠡᠷ ᠡᠪᠳᠡᠭᠳᠡᠨ᠂ ᠳᠤᠭ᠎ᠠ ᠳᠤᠮᠰᠢ | ᠦᠬᠡᠢ ᠦᠨᠡᠳᠦ ᠡᠳ᠋ ᠬᠤᠭᠰᠢᠯ ᠨᠢ ᠰᠦᠢᠳᠴᠤ ᠦᠷᠡᠭᠳᠡᠭᠡᠳ ᠨᠦᠬᠦᠪᠦᠷᠢᠯᠡᠵᠤ ᠪᠤᠯᠤᠰᠢ ᠦᠬᠡᠢ ᠬᠤᠬᠢᠷᠠᠯ ᠳᠤ | ᠤᠴᠠᠷᠠᠪᠠ᠃ ᠨᠠᠮ ᠤᠨ ᠠᠷᠪᠠᠨ ᠨᠢᠭᠡᠳᠦᠬᠡᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯᠳᠤᠭᠠᠨ ᠠᠴᠠ | ᠬᠤᠶᠢᠰᠢ ᠯᠠᠮᠠ ᠶᠢᠨ ᠱᠠᠰᠢᠨ᠂ ᠺᠠᠲ᠋ᠤᠯᠢᠭ ᠱᠠᠰᠢᠨ᠂ ᠢᠰᠯᠠᠮ ᠤᠨ ᠱᠠᠰᠢᠨ ᠤ ᠠᠵᠢᠯᠯᠠᠭ᠎ᠠ ᠢᠳᠡᠭ ᠢᠳᠡᠭ ᠢᠶᠠᠷ | ᠰᠡᠷᠬᠦᠵᠤ ᠬᠡᠪ ᠤᠨ ᠪᠠᠶᠢᠳᠠᠯ ᠳᠠᠭᠠᠨ ᠤᠷᠤᠪᠠ᠃ | ᠡᠷᠳᠡᠨ ᠦᠶ᠎ᠡ ᠶᠢᠨ ᠱᠠᠰᠢᠨ ᠰᠢᠳᠦᠯᠭᠡ | ᠪᠤᠰᠤᠳ ᠭᠠᠵᠠᠷ ᠤᠨ ᠮᠤᠩᠭᠤᠯᠴᠤᠳ ᠲᠠᠢ ᠠᠳᠠᠯᠢ ᠪᠠᠷ ᠳᠦᠷᠪᠡᠳ ᠮᠤᠩᠭᠤᠯᠴᠤᠳ ᠴᠤ ᠡᠷᠳᠡ ᠳᠡᠭᠡᠷ᠎ᠡ | ᠦᠶ᠎ᠡ ᠳᠤ ᠪᠦᠬᠡ ᠮᠦᠷᠬᠦᠯ ᠢ ᠰᠢᠳᠦᠵᠤ ᠪᠠᠶᠢᠵᠠᠢ᠃ ᠤᠳᠤ ᠪᠤᠯᠳᠠᠯ᠎ᠠ ᠤᠯᠠᠮᠵᠢᠯᠠᠭᠳᠠᠨ ᠬᠠᠳᠠᠭᠠᠯᠠᠭᠳᠠᠵᠤ ᠪᠠᠶᠢᠭ᠎ᠠ | ᠲᠡᠭᠷᠢ ᠭᠠᠵᠠᠷ ᠢ ᠰᠢᠳᠦᠬᠦ᠂ ᠭᠠᠯ ᠳᠤ ᠮᠦᠷᠬᠦᠬᠦ᠂ ᠤᠪᠤᠭ᠎ᠠ ᠳᠠᠬᠢᠬᠤ᠂ ᠠᠭᠤᠯᠠ ᠤᠰᠤ ᠱᠠᠩᠰᠢ ᠮᠤᠳᠤ ᠶᠢ | ᠤᠩᠭᠤᠯᠠᠵᠤ ᠳᠠᠷᠬᠠᠯᠠᠬᠤ᠂ ᠢᠳᠡᠭᠡᠨ ᠤᠮᠳᠠᠭᠠᠨ ᠤ ᠳᠡᠭᠡᠵᠢ ᠪᠠᠨ ᠭᠠᠯ ᠪᠤᠷᠬᠠᠨ᠂ ᠭᠠᠵᠠᠷ ᠲᠡᠭᠷᠢ᠂ ᠳᠦᠷᠪᠡᠨ ᠵᠦᠭ | ᠤᠨ ᠠᠭᠤᠯᠠ ᠤᠰᠤᠨ ᠤ ᠨᠠᠪᠳᠠᠭ ᠰᠠᠪᠳᠠᠭ ᠲᠤ ᠰᠠᠴᠤᠯᠢ ᠡᠷᠬᠦᠬᠦ ᠵᠡᠷᠭᠡ ᠳᠠᠳᠬᠠᠯ ᠵᠠᠩᠰᠢᠯ ᠨᠢ ᠪᠦᠷ ᠪᠦᠬᠡ | ᠮᠦᠷᠬᠦᠯ ᠤᠨ ᠰᠢᠳᠦᠯᠭᠡ ᠶᠢᠨ ᠬᠡᠯᠪᠡᠷᠢ ᠠᠴᠠ ᠡᠬᠦᠰᠦᠯᠳᠡᠢ ᠪᠢᠯᠡ᠃ ᠬᠤᠵᠢᠮ ᠨᠢ ᠮᠢᠩ ᠤᠯᠤᠰ ᠤᠨ ᠦᠶ᠎ᠡ ᠳᠤ | ᠰᠢᠷ᠎ᠠ ᠶᠢᠨ ᠱᠠᠰᠢᠨ ᠮᠤᠩᠭᠤᠯ ᠤᠷᠤᠨ ᠳᠤ ᠨᠡᠪᠴᠢᠨ ᠤᠷᠤᠵᠤ ᠢᠷᠡᠪᠡ᠃ ᠮᠤᠩᠭᠤᠯ ᠤᠷᠤᠨ ᠢ ᠡᠷᠬᠡᠰᠢᠶᠡᠯ ᠳᠡᠭᠡᠨ | ᠤᠷᠤᠭᠤᠯᠤᠨ ᠮᠤᠩᠭᠤᠯᠴᠤᠳ ᠢ ᠦᠵᠡᠯ ᠰᠡᠳᠬᠢᠯᠭᠡ ᠶᠢᠨ ᠳᠠᠯ᠎ᠠ ᠪᠠᠷ ᠡᠷᠬᠡᠰᠢᠶᠡᠨ ᠬᠦᠯᠢᠶᠡᠰᠦᠯᠡᠬᠦ᠂ ᠴᠢᠨᠠᠭᠰᠢᠯᠠᠭᠠᠳ | ᠬᠠᠶᠢᠯᠤᠭᠤᠯᠤᠨ ᠮᠦᠬᠦᠬᠡᠬᠦ ᠳᠤ ᠱᠠᠰᠢᠨ ᠢᠶᠠᠷ ᠮᠤᠩᠬᠠᠷᠠᠭᠤᠯᠬᠤ ᠨᠢ ᠵᠡᠪᠰᠡᠭ ᠤᠨ ᠬᠦᠴᠦ ᠪᠠᠷ ᠠᠯᠪᠠᠳᠠᠨ | ᠳᠠᠷᠤᠩᠭᠤᠶᠢᠯᠠᠬᠤ ᠠᠴᠠ ᠢᠯᠡᠬᠦᠤ ᠪᠦᠳᠦᠮᠵᠢᠳᠡᠢ ᠠᠷᠭ᠎ᠠ ᠪᠠᠶᠢᠭᠰᠠᠨ ᠪᠤᠯᠬᠤᠷ ᠳᠤᠬᠠᠢ ᠶᠢᠨ ᠦᠶ᠎ᠡ ᠶᠢᠨ ᠹᠸᠤᠳᠠᠯ ᠤᠨ | ᠤᠶᠠᠷᠬᠠᠭᠴᠢᠳ ᠲᠤ ᠶᠡᠬᠡᠯ᠎ᠡ ᠳᠠᠭᠠᠰᠢᠶᠠᠭᠳᠠᠵᠤ᠂ ᠠᠯᠪᠠᠨ ᠡᠳᠡᠭᠡᠳ ᠠᠴᠠ ᠰᠦᠮ᠎ᠡ ᠭᠡᠶᠢᠳ ᠡᠬᠢᠯᠡᠨ ᠪᠠᠶᠢᠭᠤᠯᠵᠤ᠂ | ᠴᠢᠩ ᠤᠯᠤᠰ ᠤᠨ ᠰᠡᠬᠦᠯᠴᠢ ᠪᠤᠯᠬᠤ ᠳᠤ ᠤᠷᠬᠢᠯ ᠳᠠᠭᠠᠨ ᠬᠦᠷᠦᠭᠰᠡᠨ ᠪᠠᠶᠢᠨ᠎ᠠ᠃ ᠪᠦᠬᠡ ᠮᠦᠷᠬᠦᠯ ᠨᠢ ᠰᠢᠨ᠎ᠡ ᠪᠠᠷ | ᠮᠠᠨᠳᠤᠭᠰᠠᠨ ᠳᠦᠷᠦ ᠶᠢᠨ ᠳᠦᠰᠢᠭ ᠲᠠᠢ ᠱᠠᠰᠢᠨ ᠤ ᠳᠠᠭᠠᠷᠢᠯᠳᠠ ᠳᠤ ᠪᠠᠶᠢᠷᠢ ᠰᠠᠭᠤᠷᠢ ᠪᠠᠨ ᠳᠠᠯᠪᠢᠵᠤ ᠦᠭᠭᠦ | ᠦᠬᠡᠢ ᠪᠠᠶᠢᠬᠤ ᠶᠢᠨ ᠠᠷᠭ᠎ᠠ ᠦᠬᠡᠢ ᠪᠤᠯᠤᠭᠠᠳ ᠴᠢᠯᠦᠭᠡᠯᠡᠭᠳᠡᠬᠦ ᠪᠤᠯᠳᠠᠯ᠎ᠠ ᠳᠦᠷᠪᠡᠳ ᠬᠤᠰᠢᠭᠤᠨ ᠳᠤ ᠪᠦᠬᠡ | ᠮᠦᠷᠬᠦᠯ ᠤᠨ ᠰᠢᠳᠦᠯᠭᠡᠳᠦᠨ ᠪᠠᠷᠤᠭ ᠪᠠᠶᠢᠬᠤ ᠦᠬᠡᠢ ᠪᠤᠯᠵᠠᠢ᠃ | ᠯᠠᠮᠠ ᠶᠢᠨ ᠱᠠᠰᠢᠨ | 16 ᠳ᠋ᠤᠭᠠᠷ ᠵᠠᠭᠤᠨ ᠤ ᠰᠡᠬᠦᠯᠴᠢ ᠶᠢᠨ ᠦᠶ᠎ᠡ ᠠᠴᠠ ᠡᠬᠢᠯᠡᠨ ᠰᠢᠷ᠎ᠠ ᠶᠢᠨ ᠱᠠᠰᠢᠨ ᠢ ᠰᠢᠳᠦᠬᠦ ᠪᠤᠯᠵᠠᠢ᠃ | 1908 ᠤᠨ ᠪᠤᠯᠬᠤ ᠳᠤ ᠪᠦᠬᠦ ᠬᠤᠰᠢᠭᠤᠨ ᠤ ᠬᠡᠪᠴᠢᠶᠠᠨ ᠳᠤ ᠨᠢᠭᠡᠨᠳᠡ ᠬᠤᠷᠢᠨ ᠳᠦᠷᠪᠡᠨ ᠰᠦᠮ᠎ᠡ᠂ ᠨᠠᠢᠮᠠᠨ | ᠬᠤᠷᠠᠯ ᠲᠠᠢ ᠪᠤᠯᠵᠤ᠂ ᠪᠦᠬᠦ ᠳᠦᠷᠪᠡᠳ ᠮᠤᠩᠭᠤᠯᠴᠤᠳ ᠤᠨ ᠭᠤᠷᠪᠠᠨ ᠬᠤᠪᠢᠨ ᠤ ᠨᠢᠭᠡ ᠬᠤᠪᠢ ᠤᠷᠴᠢᠮ ᠨᠢ | ᠯᠠᠮᠠ ᠶᠢᠨ ᠱᠠᠰᠢᠨ ᠢ ᠰᠢᠳᠦᠬᠦ ᠪᠤᠯᠵᠤ ᠰᠦᠮ᠎ᠡ ᠳᠤ ᠰᠠᠭᠤᠵᠤ ᠯᠠᠮᠠ ᠪᠤᠯᠤᠭᠰᠠᠨ ᠪᠠᠶᠢᠨ᠎ᠠ᠃ ᠳᠤᠰ ᠵᠠᠭᠤᠨ ᠤ | ᠭᠤᠴᠢᠭᠠᠳ ᠤᠨ ᠤ ᠦᠶ᠎ᠡ ᠳᠤ ᠳᠢᠶᠠᠨ ᠼᠦᠨ ᠭᠡᠭᠴᠢ ᠶᠠᠫᠤᠨ ᠬᠦᠮᠦᠨ ᠤ ᠪᠢᠴᠢᠭᠰᠡᠨ ︽ᠦᠪᠦᠷ ᠮᠤᠩᠭᠤᠯ ᠤᠨ | ᠰᠢᠷ᠎ᠠ ᠶᠢᠨ ᠱᠠᠰᠢᠨ ᠤ ᠪᠠᠶᠢᠴᠠᠭᠠᠯᠳᠠ︾ ᠳᠤ᠂ ᠳᠦᠷᠪᠡᠳ ᠬᠤᠰᠢᠭᠤᠨ ᠤ ᠪᠦᠬᠦ ᠬᠦᠮᠦᠨ ᠠᠮᠠ 6᠂100 ᠪᠠᠶᠢᠬᠤ | ᠶᠢᠨ ᠳᠤᠳᠤᠷ᠎ᠠ ᠯᠠᠮᠠ 2᠂877 ᠨᠡᠷᠡᠰ ᠪᠠᠶᠢᠵᠤ᠂ ᠪᠦᠬᠦ ᠬᠦᠮᠦᠨ ᠠᠮᠠ ᠶᠢᠨ 31.9% ᠶᠢ ᠡᠵᠡᠯᠡᠨ᠎ᠡ ᠭᠡᠵᠤ | ᠳᠡᠮᠳᠡᠭᠯᠡᠵᠤ ᠪᠤᠢ᠃ | ᠴᠢᠯᠦᠭᠡᠯᠡᠭᠳᠡᠭᠰᠡᠨ ᠤ ᠳᠠᠷᠠᠭ᠎ᠠ ᠨᠡᠶᠢᠭᠡᠮ ᠵᠢᠷᠤᠮᠳᠤ ᠰᠤᠷᠭᠠᠨ ᠬᠦᠮᠦᠵᠢᠯ ᠬᠢᠬᠦ ᠮᠡᠳᠦ ᠶᠢᠨ ᠬᠦᠳᠡᠯᠭᠡᠭᠡᠨ ᠢ | ᠵᠠᠯᠭᠠᠪᠠᠷ ᠦᠷᠨᠢᠬᠦᠯᠦᠭᠰᠡᠨ ᠪᠠ ᠰᠤᠶᠤᠯ ᠰᠢᠨᠵᠢᠯᠡᠬᠦ ᠤᠬᠠᠭᠠᠨ ᠤ ᠬᠦᠭᠵᠢᠯᠳᠡ ᠶᠢ ᠳᠠᠭᠠᠯᠳᠤᠨ ᠬᠦᠮᠦᠰ ᠤᠨ ᠢᠳᠡᠭᠡᠯ | ᠪᠢᠰᠢᠷᠡᠯ ᠳᠤ ᠢᠳᠡᠭ ᠢᠳᠡᠭ ᠢᠶᠠᠷ ᠬᠤᠪᠢᠷᠠᠯᠳᠠ ᠭᠠᠷᠴᠤ᠂ ᠯᠠᠮᠠ ᠪᠠᠨ ᠪᠤᠯᠢᠵᠤ ᠬᠠᠷ᠎ᠠ ᠪᠤᠯᠬᠤ ᠬᠦᠮᠦᠨ ᠡᠳᠦᠷ | ᠢᠷᠡᠬᠦᠶ᠎ᠡ ᠨᠡᠮᠡᠭᠳᠡᠨ᠂ ᠯᠠᠮᠠ ᠶᠢᠨ ᠳᠤᠭ᠎ᠠ ᠠᠭᠠᠵᠢᠮ ᠢᠶᠠᠷ ᠪᠠᠭᠠᠰᠴᠤ ᠢᠷᠠᠵᠠᠢ᠃ ᠵᠢᠷᠠᠭᠠᠳ ᠤᠨ ᠤ ᠳᠤᠮᠳᠠᠴᠢ | ᠦᠶ᠎ᠡ ᠪᠤᠯᠬᠤ ᠳᠤ ᠪᠦᠬᠦ ᠬᠤᠰᠢᠭᠤᠨ ᠳᠤ ᠳᠦᠷᠪᠡᠨ ᠵᠠᠭᠤᠭᠠᠳ ᠯᠠᠮᠠ ᠪᠠᠶᠢᠪᠠ᠃ ᠤᠳᠠᠭᠠᠨ ᠤᠨ ᠵᠠᠰᠠᠵᠤ | ᠰᠡᠯᠪᠢᠭᠰᠡᠨ ᠦᠬᠡᠢ ᠪᠤᠶᠤ ᠬᠠᠮᠢᠶᠠᠷᠬᠤ ᠬᠦᠮᠦᠨ ᠦᠬᠡᠢ ᠠᠴᠠ ᠪᠤᠯᠤᠭᠠᠳ ︽ᠰᠤᠶᠤᠯ ᠤᠨ ᠬᠤᠪᠢᠰᠬᠠᠯ︾ ᠤᠨ | ᠦᠶ᠎ᠡ ᠪᠤᠯᠬᠤ ᠳᠤ ᠰᠠᠷᠠᠭᠤᠯ ᠤᠨ ᠰᠦᠮ᠎ᠡ᠂ ᠰᠠᠶᠢᠨ ᠬᠤᠳᠳᠤᠭ ᠤᠨ ᠰᠦᠮ᠎ᠡ᠂ ᠰᠢᠷ᠎ᠠ ᠬᠠᠳᠠ ᠶᠢᠨ ᠰᠦᠮ᠎ᠡ᠂ | ᠴᠤᠷᠵᠢ ᠶᠢᠨ ᠰᠦᠮ᠎ᠡ᠂ ᠬᠤᠨᠳᠠᠢ ᠶᠢᠨ ᠰᠦᠮ᠎ᠡ ᠤᠷᠢᠳ ᠬᠤᠵᠢᠳ ᠨᠤᠷᠠᠵᠤ ᠡᠪᠳᠡᠷᠡᠵᠡᠢ᠃ | ︽ᠰᠤᠶᠤᠯ ᠤᠨ ᠬᠤᠪᠢᠰᠬᠠᠯ︾ ᠤᠨ ᠳᠤᠮᠳᠠ ᠠᠯᠢᠪᠠ ᠱᠠᠰᠢᠨ ᠤ ᠠᠵᠢᠯᠯᠠᠭ᠎ᠠ ᠴᠦᠮ ᠴᠠᠭᠠᠵᠠᠯᠠᠭᠳᠠᠵᠤ᠂ | ᠰᠦᠮ᠎ᠡ ᠬᠡᠶᠢᠳ ᠶᠡᠬᠡᠪᠡᠷ ᠡᠪᠳᠡᠭᠳᠡᠨ ᠰᠦᠢᠳᠴᠤ᠂ ᠯᠠᠮᠠ ᠨᠠᠷ ᠨᠢ ᠠᠯᠪᠠᠳᠠᠯᠭ᠎ᠠ ᠪᠠᠷ ᠬᠦᠳᠡᠭᠡ ᠭᠡᠷ ᠲᠡᠭᠡᠨ | ᠬᠠᠷᠢᠵᠠᠭᠠᠵᠠᠢ᠃ ᠳᠠᠯᠠᠭᠠᠳ ᠤᠨ ᠤ ᠳᠤᠮᠳᠠᠴᠢ ᠦᠶ᠎ᠡ ᠪᠤᠯᠬᠤ ᠳᠤ ᠪᠦᠬᠦ ᠬᠤᠰᠢᠭᠤᠨ ᠳᠤ ᠰᠢᠷᠠᠮᠦ᠋ᠷᠡᠨ ᠰᠦᠮ᠎ᠡ | ᠶᠢᠨ ᠭᠤᠷᠪᠠᠨ ᠳᠤᠭᠠᠩ ᠨᠢᠭᠡ ᠰᠠᠩ᠂ ᠤᠷᠳᠤᠨ ᠤ ᠰᠦᠮ᠎ᠡ ᠶᠢᠨ ᠬᠤᠶᠡᠷ ᠳᠤᠭᠠᠩ ᠳᠡᠳᠦᠶᠢᠯᠡ ᠦᠯᠡᠳᠡᠵᠡᠢ᠃ | ᠺᠠᠲ᠋ᠤᠯᠢᠭ ᠱᠠᠰᠢᠨ | 1861 ᠤᠨ ᠤ ᠦᠶ᠎ᠡ ᠳᠤ ᠺᠠᠲ᠋ᠤᠯᠢᠭ ᠱᠠᠰᠢᠨ ᠳᠦᠷᠪᠡᠳ ᠬᠤᠰᠢᠭᠤᠨ ᠳᠤ ᠤᠯᠠᠮᠵᠢᠯᠠᠭᠳᠠᠨ ᠤᠷᠤᠵᠤ | ᠢᠷᠡᠭᠰᠡᠨ ᠪᠠᠶᠢᠨ᠎ᠠ᠃ ᠳᠤᠬᠠᠢ ᠶᠢᠨ ᠦᠶ᠎ᠡ ᠶᠢᠨ ᠺᠠᠲ᠋ᠤᠯᠢᠭ ᠱᠠᠰᠢᠨ ᠤ ᠰᠦᠮ᠎ᠡ ᠨᠢ ᠦᠪᠦᠷ ᠮᠤᠩᠭᠤᠯ ᠤᠨ ᠱᠠᠰᠢᠨ | ᠤ ᠳᠤᠭᠤᠷᠢᠭ ᠲᠤ ᠬᠠᠮᠢᠶᠠᠷᠤᠭᠳᠠᠵᠤ᠂ ᠱᠠᠰᠢᠨᠳᠠᠨ ᠳᠡᠮᠡᠢ ᠤᠯᠠᠨ ᠦᠬᠡᠢ ᠪᠠᠶᠢᠪᠠ᠃ ᠺᠠᠲ᠋ᠤᠯᠢᠭ ᠱᠠᠰᠢᠨ ᠤ ᠰᠦᠮ᠎ᠡ | ᠪᠤᠯᠭᠠᠨ ᠳᠤ ᠨᠢᠯᠬᠠᠰ ᠤᠨ ᠬᠦᠷᠢᠶᠡᠯᠡᠩ ᠲᠠᠢ ᠪᠠᠶᠢᠵᠤ᠂ ᠬᠦᠮᠦᠰ ᠤᠨ ᠬᠠᠶᠠᠵᠤ ᠤᠷᠬᠢᠭᠰᠠᠨ ᠨᠢᠯᠬ᠎ᠠ ᠬᠡᠦᠬᠡᠳ ᠪᠠ | ᠵᠠᠷᠢᠮ ᠦᠮᠦᠭ ᠳᠦᠰᠢᠭ ᠦᠬᠡᠢ ᠨᠠᠰᠤᠳᠠᠨ ᠢ ᠠᠰᠠᠷᠠᠳᠠᠭ᠃ ᠡᠬᠦᠨ ᠠᠴᠠ ᠭᠠᠳᠠᠨ᠎ᠠ ᠰᠦᠮ᠎ᠡ ᠪᠤᠯᠭᠠᠨ ᠳᠤ | ᠰᠤᠷᠭᠠᠭᠤᠯᠢ ᠲᠠᠢ ᠪᠠᠶᠢᠵᠤ᠂ ᠱᠠᠰᠢᠨ ᠤ ᠶᠤᠰᠤ ᠶᠢ ᠵᠢᠭᠠᠬᠤ ᠠᠴᠠ ᠭᠠᠳᠠᠨ᠎ᠠ ᠪᠠᠰᠠ ᠡᠩ ᠤᠨ ᠰᠤᠷᠭᠠᠭᠤᠯᠢ ᠶᠢᠨ | ᠬᠢᠴᠢᠶᠡᠯ ᠤᠳ ᠵᠢᠭᠠᠳᠠᠭ᠃ ᠺᠠᠲ᠋ᠤᠯᠢᠭ ᠱᠠᠰᠢᠨ ᠤ ᠰᠦᠮ᠎ᠡ ᠳᠤ ᠭᠤᠤᠯᠳᠠᠭᠤ ᠬᠠᠷ᠎ᠠ ᠯᠠᠮᠠ᠂ ᠬᠠᠮᠢᠶᠠᠷᠤᠭᠴᠢ᠂ ᠪᠠᠳᠦ | ᠦᠬᠢᠨ ︵ᠴᠢᠪᠠᠭᠠᠨᠴᠠ︶ ᠪᠤᠯᠤᠨ ᠰᠤᠷᠭᠠᠭᠤᠯᠢ ᠶᠢᠨ ᠪᠠᠭᠰᠢ ᠨᠠᠷ ᠰᠠᠭᠤᠳᠠᠭ᠃ ᠱᠠᠰᠢᠨᠳᠠᠨ ᠨᠢ ᠭᠤᠤᠯᠳᠠᠭᠤ | ᠤᠶᠢᠷ᠎ᠠ ᠬᠠᠪᠢ ᠶᠢᠨ ᠡᠯ᠎ᠡ ᠳᠤᠰᠬᠤᠨ ᠤ ᠠᠷᠠᠳ ᠪᠠᠶᠢᠵᠤ᠂ ᠦᠷᠯᠦᠭᠡ ᠪᠦᠷᠢ ᠰᠦᠮ᠎ᠡ ᠳᠤ ᠤᠴᠢᠵᠤ ᠨᠤᠮ | ᠤᠩᠰᠢᠵᠤ ᠮᠦᠷᠬᠦᠯ ᠬᠢᠳᠡᠭ᠃ | ︽ᠰᠤᠶᠤᠯ ᠤᠨ ᠬᠤᠪᠢᠰᠬᠠᠯ︾ ᠤᠨ ᠳᠤᠮᠳᠠ ᠪᠦᠬᠦᠶᠢᠯᠡ ᠺᠠᠲ᠋ᠤᠯᠢᠭ ᠱᠠᠰᠢᠨ ᠤ ᠠᠵᠢᠯᠯᠠᠭ᠎ᠠ ᠪᠦᠷ | ᠵᠤᠭᠰᠤᠭᠠᠭᠳᠠᠵᠠᠢ᠃ 1983 ᠤᠨ ᠳᠤ ᠱᠠᠰᠢᠨ ᠰᠤᠷᠳᠠᠬᠤᠨ ᠤ ᠳᠤᠬᠠᠢ ᠨᠠᠮ ᠤᠨ ᠳᠦᠷᠦ ᠶᠢᠨ ᠪᠤᠳᠤᠯᠭ᠎ᠠ ᠶᠢ | ᠦᠨᠳᠦᠰᠦᠯᠡᠵᠤ᠂ ᠳᠦᠷᠪᠡᠳ ᠬᠤᠰᠢᠭᠤᠨ ᠤ ᠺᠠᠲ᠋ᠤᠯᠢᠭ ᠱᠠᠰᠢᠨ ᠤ ᠬᠡᠪ ᠤᠨ ᠠᠵᠢᠯᠯᠠᠭ᠎ᠠ ᠵᠢᠩᠭᠢᠨᠢ ᠪᠠᠷ | ᠰᠡᠷᠬᠦᠭᠡᠭᠳᠡᠪᠡ᠃ ᠤᠳᠤ ᠺᠠᠲ᠋ᠤᠯᠢᠭ ᠱᠠᠰᠢᠨ ᠤ ᠮᠦᠷᠬᠦᠯ ᠬᠢᠵᠤ ᠪᠠᠶᠢᠭ᠎ᠠ ᠭᠤᠤᠯ ᠴᠢᠭ᠋ ᠨᠢ᠄ ᠬᠦᠷᠢᠶᠡᠳᠦ ᠶᠢᠨ | ᠺᠠᠲ᠋ᠤᠯᠢᠭ ᠱᠠᠰᠢᠨ ᠤ ᠰᠦᠮ᠎ᠡ ᠪᠠᠶᠢᠵᠤ᠂ ᠪᠤᠰᠤᠳ ᠨᠢ ᠬᠦ᠋ ᠢᠩᠽᠢ᠂ ᠤᠷᠳᠤ ᠭᠤᠤᠯ᠂ ᠰᠠᠨ ᠶᠤᠸᠠᠨ ᠵᠢᠩ᠂ | ᠤᠯᠠᠭᠠᠨᠨᠠᠭᠤᠷ᠂ ᠰᠠᠨ ᠬᠦ᠋ ᠵᠡᠷᠭᠡ ᠭᠠᠵᠠᠷ ᠤᠳ ᠪᠤᠢ᠃ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ ᠪᠦᠬᠦ | ᠬᠤᠰᠢᠭᠤᠨ ᠳᠤ ᠺᠠᠲ᠋ᠤᠯᠢᠭ ᠱᠠᠰᠢᠨ ᠤ ᠮᠦᠷᠬᠦᠯᠴᠢᠳ ᠪᠠᠷᠤᠭ 9000 ᠭᠠᠷᠤᠢ ᠨᠡᠷᠡᠰ ᠪᠤᠢ᠃ | ᠢᠰᠯᠠᠮ ᠤᠨ ᠱᠠᠰᠢᠨ | ᠳᠡᠦᠬᠡᠨ ᠳᠡᠮᠳᠡᠭᠯᠡᠯ ᠢᠶᠠᠷ ᠪᠤᠯ ᠢᠰᠯᠠᠮ ᠤᠨ ᠱᠠᠰᠢᠨ ᠨᠢ ᠳᠠᠩ ᠤᠯᠤᠰ ᠤᠨ ᠦᠶ᠎ᠡ ᠳᠤ ᠠᠷᠠᠪ ᠤᠨ | ᠬᠤᠳᠠᠯᠳᠤᠭᠠᠴᠢᠨ ᠢ ᠳᠠᠭᠠᠵᠤ ᠮᠠᠨ ᠤ ᠤᠯᠤᠰ ᠲᠤ ᠤᠷᠤᠵᠤ ᠢᠷᠡᠭᠰᠡᠨ ᠪᠠᠶᠢᠨ᠎ᠠ᠃ ᠳᠤᠰ ᠵᠠᠭᠤᠨ ᠤ ᠡᠬᠢᠨ ᠢᠶᠠᠷ | ᠤᠯᠠᠭᠠᠨᠬᠤᠸᠠ ᠶᠢᠨ ᠬᠦᠮᠦᠨ ᠠᠮᠠ ᠨᠡᠮᠡᠭᠳᠡᠬᠦ ᠶᠢ ᠳᠠᠭᠠᠯᠳᠤᠭᠠᠳ ᠠᠷᠠᠯᠵᠢᠶ᠎ᠠ ᠬᠤᠳᠠᠯᠳᠤᠭ᠎ᠠ ᠡᠷᠬᠢᠯᠡᠬᠦ ᠪᠠᠷ ᠢᠷᠡᠭᠰᠡᠨ | ᠬᠤᠳᠤᠩ ᠠᠷᠠᠳ ᠴᠤ ᠤᠯᠠᠰᠢᠷᠡᠵᠤ᠂ ᠢᠰᠯᠠᠮ ᠤᠨ ᠱᠠᠰᠢᠨ ᠴᠤ ᠡᠬᠢᠯᠡᠨ ᠳᠡᠯᠭᠡᠷᠡᠵᠡᠢ᠃ 1926 ᠤᠨ ᠳᠤ | ᠤᠯᠠᠭᠠᠨᠬᠤᠸᠠ ᠳᠤ ᠬᠠᠮᠤᠭ ᠠᠩᠬᠠᠨ ᠤ ᠯᠠᠯᠤ ᠶᠢᠨ ᠰᠦᠮ᠎ᠡ ᠶᠢ ᠪᠠᠶᠢᠭᠤᠯᠵᠤ᠂ ᠳᠡᠷᠡ ᠨᠢ ᠮᠤᠳᠤ ᠰᠢᠷᠦᠢ ᠶᠢᠨ | ᠪᠦᠳᠦᠴᠡ ᠲᠠᠢ 40 ᠬᠠᠪᠳᠠᠭᠠᠢ ᠳᠦᠷᠪᠡᠯᠵᠢᠨ ᠮᠧᠲᠷ ᠳᠠᠯᠠᠪᠠᠢ ᠲᠠᠢ ᠳᠦᠬᠦᠮᠬᠡᠨ ᠪᠠᠷᠢᠯᠭ᠎ᠠ ᠳᠡᠳᠦᠶᠢᠯᠡ ᠪᠠᠶᠢᠵᠠᠢ᠃ | ᠰᠡᠬᠦᠯᠡᠷ ᠨᠢ ᠬᠤᠳᠤᠩᠴᠤᠳ ᠤᠨ ᠬᠦᠮᠦᠨ ᠠᠮᠠ ᠶᠢᠨ ᠨᠡᠮᠡᠭᠳᠡᠯᠳᠡ ᠶᠢ ᠳᠠᠭᠠᠯᠳᠤᠭᠠᠳ ᠬᠠᠭᠤᠴᠢᠨ ᠰᠦᠮ᠎ᠡ ᠨᠢ | ᠱᠠᠰᠢᠨ ᠤ ᠠᠵᠢᠯᠯᠠᠭ᠎ᠠ ᠶᠢᠨ ᠬᠡᠷᠡᠭᠴᠡᠭᠡ ᠶᠢ ᠬᠠᠩᠭᠠᠵᠤ ᠳᠡᠶᠢᠯᠬᠦ ᠦᠬᠡᠢ ᠪᠤᠯᠤᠭᠰᠠᠨ ᠳᠤᠯᠠ 1935 ᠤᠨ ᠤ ᠦᠶ᠎ᠡ | ᠳᠤ 3000 ᠳᠡᠭᠰᠢ ᠳᠦᠷᠪᠡᠯᠵᠢᠨ ᠮᠧᠲᠷ ᠳᠠᠯᠠᠪᠠᠢ ᠲᠠᠢ ᠪᠦᠷᠢᠨ ᠪᠦᠳᠦᠨ ᠬᠦᠷᠢᠶ᠎ᠡ ᠬᠠᠰᠢᠶ᠎ᠠ ᠪᠦᠬᠦᠢ ᠰᠢᠨ᠎ᠡ | ᠰᠦᠮ᠎ᠡ ᠶᠢ ᠪᠠᠶᠢᠭᠤᠯᠵᠠᠢ᠃1986 ᠤᠨ ᠤ ᠪᠦᠷᠢᠳᠭᠡᠯ ᠢᠶᠠᠷ ᠪᠦᠬᠦ ᠬᠤᠰᠢᠭᠤᠨ ᠳᠤ 793 ᠨᠡᠷᠡᠰ ᠢᠰᠯᠠᠮ ᠤᠨ | ᠱᠠᠰᠢᠨᠳᠠᠨ ᠪᠠᠶᠢᠬᠤ ᠪᠦᠭᠡᠳ ᠡᠬᠦᠨ ᠳᠤ ᠤᠯᠠᠭᠠᠨᠬᠤᠸᠠ ᠳᠤ 80 ᠢᠯᠡᠬᠦᠤ ᠡᠷᠦᠬᠡ ᠶᠢᠨ 400 ᠢᠯᠡᠬᠦᠤ ᠨᠡᠷᠡᠰ | ᠪᠤᠢ᠃ ᠬᠤᠳᠤᠩᠴᠤᠳ ᠭᠤᠤᠯᠳᠠᠭᠤ ᠤᠯᠠᠭᠠᠨᠬᠤᠸᠠ ᠪᠠᠯᠭᠠᠰᠤ ᠪᠤᠯᠤᠨ ᠳ᠋ᠠ ᠾᠸᠢ ᠾᠧ ᠰᠢᠶᠠᠩ ᠳᠤ ᠳᠦᠪᠯᠡᠷᠡᠨ | ᠰᠠᠭᠤᠷᠢᠰᠢᠵᠤ ᠪᠤᠢ᠃ | ᠰᠦᠮ᠎ᠡ ᠬᠡᠶᠢᠳ | ᠴᠢᠯᠦᠭᠡᠯᠡᠭᠳᠡᠬᠦ ᠶᠢᠨ ᠦᠶ᠎ᠡ ᠳᠤ ᠳᠦᠷᠪᠡᠳ ᠬᠤᠰᠢᠭᠤᠨ ᠤ ᠬᠡᠪᠴᠢᠶᠠᠨ ᠳᠤ ᠰᠢᠷ᠎ᠠ ᠶᠢᠨ ᠱᠠᠰᠢᠨ ᠤ 24 | ᠰᠦᠮ᠎ᠡ 8 ᠬᠤᠷᠠᠯ ᠪᠠᠶᠢᠵᠠᠢ᠃ ᠬᠠᠮᠤᠭ ᠡᠷᠳᠡ ᠪᠠᠶᠢᠭᠤᠯᠤᠭᠳᠠᠭᠰᠠᠨ ᠰᠦᠮ᠎ᠡ ᠪᠤᠯ ᠤᠳᠤ ᠶᠢᠨ ᠵᠦᠸᠧᠽᠢ ᠰᠢᠶᠡᠨ | ᠤ ᠬᠠᠷᠢᠶᠠᠨ ᠳᠤ ᠪᠠᠶᠢᠭ᠎ᠠ ᠭᠠᠨᠳᠢᠱᠠ ᠠᠭᠤᠯᠠ ᠠᠴᠠ ᠪᠠᠷᠠᠭᠤᠨ ᠬᠤᠶᠢᠰᠢ ᠭᠤᠴᠢᠭᠠᠳ ᠭᠠᠵᠠᠷ ᠤᠨ ᠵᠠᠶᠢᠳᠠᠢ ᠡᠷᠳᠡᠨᠢ | ᠤᠪᠤᠭ᠎ᠠ ᠬᠡᠮᠡᠬᠦ ᠭᠠᠵᠠᠷ ᠪᠠᠶᠢᠭᠰᠠᠨ ᠬᠡᠬᠡᠨ ᠰᠦᠮ᠎ᠡ ᠪᠤᠯᠤᠨ᠎ᠠ᠃ ᠮᠢᠩ ᠤᠯᠤᠰ ᠤᠨ ᠸᠠᠨ ᠯᠢ ᠶᠢᠨ 27 ᠤᠨ ︵ | ᠨᠡᠶᠢᠳᠡ ᠶᠢᠨ ᠤᠨ ᠳᠤᠭᠠᠯᠠᠯ ᠤᠨ 1600 ᠤᠨ︶ ᠳᠤ ᠪᠠᠶᠢᠭᠤᠯᠤᠭᠳᠠᠵᠤ᠂ ᠴᠤᠭᠴᠢᠨ ᠳᠤᠭᠠᠩ ᠨᠢ ᠤᠯᠠᠭᠠᠨ | ᠬᠡᠷᠡᠮ ᠰᠢᠷ᠎ᠠ ᠸᠠᠭᠠᠷ ᠤᠨ ᠤᠷᠤᠢ ᠲᠠᠢ ᠪᠠᠶᠢᠳᠠᠭ ᠢᠶᠠᠷ ᠢᠶᠠᠨ ᠪᠤᠰᠤᠳ ᠰᠦᠮ᠎ᠡ ᠬᠡᠶᠢᠳ ᠠᠴᠠ ᠢᠯᠭᠠᠭᠳᠠᠬᠤ | ᠦᠪᠡᠷᠮᠢᠴᠡ ᠤᠨᠴᠠᠯᠢᠭ ᠪᠤᠯᠤᠭᠰᠠᠨ ᠳᠤᠯᠠ ᠤᠶᠢᠷ᠎ᠠ ᠬᠠᠪᠢ ᠶᠢᠨ ᠬᠢᠨᠢ ᠬᠢᠳᠠᠳᠴᠤᠳ ᠬᠤᠩ ᠵᠤᠤ ᠬᠡᠮᠡᠨ | ᠨᠡᠷᠡᠯᠡᠭᠡᠳ ᠢᠩᠭᠢᠵᠤ ᠨᠡᠷᠡᠰᠢᠵᠡᠢ᠃ ᠳᠤᠬᠠᠢ ᠶᠢᠨ ᠦᠶ᠎ᠡ ᠶᠢᠨ ᠰᠦᠮ᠎ᠡ ᠶᠢᠨ ᠢᠯᠡᠷᠬᠡᠶᠢᠯᠡᠯ ᠨᠢ ᠳᠦᠪᠡᠳ ᠢᠶᠠᠷ ︽ | ᠷᠠᠪᠴᠠᠭᠯᠢᠩ︾ ᠭᠡᠵᠤ᠂ ᠮᠤᠩᠭᠤᠯ ᠢᠶᠠᠷ ︽ᠭᠠᠶᠢᠬᠠᠮᠰᠢᠭᠳᠦ ᠰᠤᠨᠤᠮᠰᠤᠷ ᠰᠦᠮ᠎ᠡ︾ ᠭᠡᠳᠡᠭ ᠪᠦᠭᠡᠳ ᠬᠢᠳᠠᠳ ᠢᠶᠠᠷ | ︽ᠪᠤᠤ ᠬᠤᠸᠠ ᠰᠧ︾ ᠭᠡᠳᠡᠭ ᠪᠠᠶᠢᠵᠠᠢ᠃ ᠳᠤᠰ ᠰᠦᠮ᠎ᠡ ᠨᠢ ᠬᠤᠶᠡᠷ ᠳᠤᠭᠠᠩ᠂ ᠨᠢᠭᠡ ᠯᠠᠪᠷᠤᠩ᠂ ᠳᠦᠷᠪᠡᠨ | ᠰᠠᠩ᠂ ᠵᠢᠷᠭᠤᠭᠠᠨ ᠰᠤᠪᠤᠷᠭ᠎ᠠ ᠲᠠᠢ ᠪᠠᠶᠢᠵᠤ᠂ ᠴᠢᠩ ᠤᠯᠤᠰ ᠤᠨ ᠵᠠᠰᠠᠭ ᠤᠨ ᠭᠠᠵᠠᠷ ᠲᠤ ᠳᠠᠩᠰᠠ ᠲᠠᠢ ᠪᠦᠭᠡᠳ | ᠪᠦᠬᠦ ᠬᠤᠰᠢᠭᠤᠨ ᠤ ᠳᠦᠳᠦᠶᠠ ᠲᠠᠢ ᠨᠠᠢᠮᠠᠨ ᠰᠦᠮ᠎ᠡ ᠶᠢᠨ ᠨᠢᠭᠡ ᠨᠢ ᠪᠠᠶᠢᠵᠠᠢ᠃ ᠰᠦᠮ᠎ᠡ ᠶᠢᠨ ᠬᠠᠮᠤᠭ ᠠᠩᠬᠠᠨ | ᠤ ᠡᠵᠡᠨ ᠯᠠᠮᠠ ᠨᠢ ᠠᠭᠸᠠᠩᠯᠤᠪᠰᠠᠩᠳᠦ᠋ᠪᠳᠡᠨ ᠭᠡᠳᠡᠭ ᠨᠡᠷ᠎ᠡ ᠲᠠᠢ᠂ ᠴᠤᠯᠠ ᠨᠢ ᠬᠦᠷᠦᠳᠢᠸᠠ ᠬᠤᠳᠤᠭᠳᠤ ᠪᠤᠯᠤᠨ᠎ᠠ᠃ | ᠳᠤᠰ ᠰᠦᠮ᠎ᠡ ᠨᠢ ︽ᠰᠤᠶᠤᠯ ᠤᠨ ᠬᠤᠪᠢᠰᠬᠠᠯ︾ ᠤᠨ ᠳᠤᠮᠳᠠ ᠨᠤᠷᠠᠭᠠᠭᠳᠠᠵᠠᠢ᠃ | ᠬᠤᠰᠢᠭᠤᠨ ᠤ ᠭᠤᠤᠯ ᠰᠦᠮ᠎ᠡ ᠪᠤᠯ ᠮᠠᠨᠳᠠᠯ ᠤᠨ ᠰᠦᠮ᠎ᠡ ᠪᠤᠯᠤᠨ᠎ᠠ᠃ ᠳᠤᠰ ᠰᠦᠮ᠎ᠡ ᠶᠢ ᠴᠢᠩ ᠤᠯᠤᠰ | ᠤᠨ ᠡᠩᠭᠡ ᠠᠮᠤᠭᠤᠯᠠᠩ ᠤᠨ 39 ᠤᠨ ︵ᠨᠡᠶᠢᠳᠡ ᠶᠢᠨ ᠤᠨ᠎ᠠ ᠳᠤᠭᠠᠯᠠᠯ ᠤᠨ 1700 ᠤᠨ︶ ᠳᠤ ᠪᠠᠶᠢᠭᠤᠯᠵᠤ᠂ | ᠤᠳᠤ ᠶᠢᠨ ᠴᠠᠭᠠᠨᠪᠤᠯᠠᠭ ᠰᠤᠮᠤᠨ ᠤ ᠨᠢᠭᠡᠳᠦᠭᠡᠷ ᠬᠠᠷᠢᠶᠠᠨ ᠳᠤ ᠪᠠᠶᠢᠵᠠᠢ᠃ ᠰᠦᠮ᠎ᠡ ᠶᠢᠨ ᠢᠯᠡᠷᠬᠡᠶᠢᠯᠡᠯ ᠨᠢ | ᠮᠤᠩᠭᠤᠯ ᠢᠶᠠᠷ ︽ᠰᠤᠶᠤᠯ ᠢᠶᠠᠷ ᠳᠤᠬᠤᠨᠢᠭᠤᠯᠤᠭᠴᠢ ᠰᠦᠮ᠎ᠡ︾ ᠭᠡᠵᠤ ᠳᠦᠪᠡᠳ ᠢᠶᠠᠷ ︽ᠷᠠᠰᠢᠳᠠᠷᠵᠢᠯᠢᠩ︾ | ᠭᠡᠳᠡᠭ᠃ ︽ᠰᠤᠶᠤᠯ ᠤᠨ ᠬᠤᠪᠢᠰᠬᠠᠯ ᠤᠨ ᠳᠤᠮᠳᠠ︾ ᠨᠤᠷᠠᠭᠠᠵᠤ ᠬᠠᠶᠠᠭᠰᠠᠨ ᠪᠠᠶᠢᠨ᠎ᠠ᠃ | ᠪᠦᠬᠦ ᠬᠤᠰᠢᠭᠤᠨ ᠤ ᠰᠢᠷ᠎ᠠ ᠶᠢᠨ ᠱᠠᠰᠢᠨ ᠤ ᠬᠠᠮᠤᠭ ᠤᠨ ᠶᠡᠭᠡ ᠰᠦᠮ᠎ᠡ ᠪᠤᠯ ᠰᠢᠷᠠᠮᠦ᠋ᠷᠡᠨ ᠰᠦᠮ᠎ᠡ | ᠪᠤᠯᠤᠨ᠎ᠠ᠃ ᠳᠤᠰ ᠰᠦᠮ᠎ᠡ ᠶᠢ ᠴᠢᠩ ᠤᠯᠤᠰ ᠤᠨ ᠲᠡᠭᠷᠢ ᠳᠡᠳᠭᠦᠭᠴᠢ ᠶᠢᠨ 23 ᠤᠨ ︵ᠨᠡᠶᠢᠳᠡ ᠶᠢᠨ ᠤᠨ | ᠳᠤᠭᠠᠯᠠᠯ ᠤᠨ 1758 ᠤᠨ︶ ᠠᠴᠠ ᠡᠬᠢᠯᠡᠨ ᠪᠠᠶᠢᠭᠤᠯᠵᠤ᠂ ᠰᠦᠮ᠎ᠡ ᠶᠢᠨ ᠢᠯᠡᠷᠬᠡᠶᠢᠯᠡᠯ ᠨᠢ ᠳᠦᠪᠡᠳ ᠢᠶᠠᠷ ︽ | ᠷᠠᠰᠢᠫᠠᠨᠳᠢᠯᠢᠩ︾ ᠭᠡᠵᠤ᠂ ᠮᠤᠩᠭᠤᠯ ᠢᠶᠠᠷ ︽ᠬᠤᠳᠠᠯᠠ ᠠᠶᠠᠳᠠᠢ ᠰᠦᠮ᠎ᠡ︾ ᠭᠡᠳᠡᠭ᠃ ᠰᠦᠮ᠎ᠡ ᠶᠢ ᠠᠩᠬ᠎ᠠ | ᠪᠠᠶᠢᠭᠤᠯᠤᠭᠰᠠᠨ ᠡᠵᠡᠨ ᠯᠠᠮᠠ ᠨᠢ ᠯᠤᠪᠰᠠᠩᠳᠠᠮᠪᠠᠷᠠᠪᠵᠠᠢ ᠭᠡᠳᠡᠭ᠃ ᠰᠦᠮ᠎ᠡ ᠶᠢᠨ ᠪᠦᠬᠦᠶᠢᠯᠡ ᠪᠠᠷᠢᠯᠭ᠎ᠠ ᠨᠢ ᠪᠦᠷ | ᠳᠦᠪᠡᠳ ᠪᠠᠷᠢᠯᠭ᠎ᠠ ᠶᠢᠨ ᠬᠡᠪ ᠨᠠᠮᠪᠠ ᠲᠠᠢ ᠪᠠᠶᠢᠵᠤ᠂ ᠳᠠᠪᠤᠨ ᠳᠤᠭᠠᠩ ︵ᠴᠤᠭᠴᠢᠨ ᠳᠤᠭᠠᠩ᠂ ᠴᠤᠶᠢᠷᠸ᠎ᠠ ᠶᠢᠨ | ᠳᠤᠭᠠᠩ᠂ ᠵᠦᠳᠦᠪ ᠳᠤᠭᠠᠩ᠂ ᠰᠠᠬᠢᠭᠤᠯᠰᠤᠨ ᠳᠤᠭᠠᠩ᠂ ᠨᠠᠶᠢᠳᠠᠩ ᠳᠤᠭᠠᠩ︶᠂ ᠳᠦᠷᠪᠡᠨ ᠯᠠᠪᠷᠤᠩ ︵ᠭᠡᠭᠡᠨ | ᠯᠠᠪᠷᠤᠩ᠂ ᠪᠠᠷᠠᠭᠤᠨ ᠯᠠᠪᠷᠤᠩ᠂ ᠵᠡᠬᠦᠨ ᠯᠠᠪᠷᠤᠩ᠂ ᠬᠠᠩᠰᠠᠷ ᠤᠨ ᠯᠠᠪᠷᠤᠩ︶ ᠲᠠᠢ᠂ ᠶᠡᠭᠡ ᠪᠠᠭ᠎ᠠ ᠰᠠᠩ | ᠠᠷᠪᠠᠭᠠᠳ᠂ ᠯᠠᠮᠠ ᠨᠠᠷ ᠤᠨ ᠤᠷᠤᠨ ᠰᠠᠭᠤᠴᠠ ᠭᠤᠷᠪᠠᠨ ᠵᠠᠭᠤ ᠵᠢᠷᠠᠭᠠᠳ ᠪᠠᠶᠢᠪᠠ᠃ ᠴᠠᠭᠴᠢᠨ ᠳᠤᠭᠠᠩ ᠤᠨ ᠬᠢᠨᠢ | ᠡᠮᠦᠨ᠎ᠡ ᠭᠤᠴᠢ ᠭᠠᠷᠦᠢ ᠮᠧᠲᠷ ᠦᠨᠳᠦᠷ ᠬᠤᠶᠡᠷ ᠰᠢᠷᠤᠭ ᠲᠠᠢ ᠪᠠᠶᠢᠪᠠ᠃ ᠳᠤᠰ ᠰᠦᠮ᠎ᠡ ᠶᠢᠨ ᠭᠤᠤᠯ ᠭᠤᠤᠯ | ᠬᠤᠷᠠᠯ ᠨᠤᠭᠤᠳ ᠪᠤᠯ᠄ 3᠂ 5᠂ 8᠂ 11 ᠳ᠋ᠤᠬᠡᠷ ᠰᠠᠷ᠎ᠠ ᠳᠤ ᠬᠤᠷᠠᠯᠳᠤᠳᠠᠭ ᠪᠠᠷᠴᠦᠢ᠂ ᠶᠠᠷᠴᠦᠢ᠂ ᠳᠤᠨᠴᠦᠢ | ᠵᠡᠷᠭᠡ ᠪᠤᠢ᠃ ᠵᠢᠯ ᠪᠦᠷᠢ ᠶᠢᠨ ᠳᠤᠭᠳᠠᠭᠰᠠᠨ ᠬᠤᠭᠤᠴᠠᠭ᠎ᠠ ᠲᠠᠢ ᠴᠤᠭᠴᠢᠨ ᠤ ᠬᠤᠷᠠᠯ ᠨᠤᠭᠤᠳ ᠢ ᠮᠤᠯᠤᠮ᠂ | ᠮᠢᠭᠵᠢᠮ᠂ ᠮᠠᠨᠢ᠂ ᠭᠠᠨᠵᠤᠤᠷ ᠤᠨ ᠬᠤᠷᠠᠯ ᠪᠤᠢ᠃ ᠨᠠᠰᠤ ᠠᠭᠰᠢᠷᠠᠭᠰᠠᠨ ᠯᠠᠮᠠ ᠨᠠᠷ ᠤᠨ ᠬᠡᠯᠡᠬᠦ ᠪᠠᠷ ᠰᠦᠮ᠎ᠡ ᠶᠢᠨ | ᠬᠠᠮᠤᠭ ᠤᠨ ᠳᠤᠮᠤ ᠪᠤᠷᠬᠠᠨ ᠪᠤᠯ ᠴᠤᠭᠴᠢᠨ ᠳᠤᠭᠠᠩ ᠳᠤ ᠳᠠᠬᠢᠵᠤ ᠪᠠᠶᠢᠭᠰᠠᠨ ᠴᠤᠯ ᠭᠠᠤᠯᠢ ᠪᠠᠷ ᠴᠢᠳᠬᠤᠵᠤ | ᠪᠦᠳᠦᠭᠡᠭᠰᠡᠨ ᠭᠤᠴᠢᠨ ᠳᠠᠪᠤᠨ ᠳᠤᠬᠤᠢ ᠦᠨᠳᠦᠷ ᠮᠠᠶᠢᠳᠠᠷᠢ ᠪᠤᠷᠬᠠᠨ ᠪᠦᠭᠡᠳ ᠭᠠᠷ ᠪᠢᠴᠢᠮᠡᠯ ᠪᠠ ᠳᠠᠷᠤᠮᠠᠯ ᠬᠡᠪ | ᠤᠨ ᠶᠡᠭᠡ ᠪᠠᠭ᠎ᠠ ᠭᠠᠨᠵᠤᠤᠷ ᠳ᠋ᠠᠨᠵᠤᠤᠷ ᠬᠡᠳᠦᠨ ᠢᠵᠢ ᠪᠠᠶᠢᠯ᠎ᠠ ᠭᠡᠳᠡᠭ᠃ ᠰᠢᠷ᠎ᠠ ᠶᠢᠨ ᠱᠠᠰᠢᠨ ᠤ ᠬᠦᠭᠵᠢᠯᠳᠡ ᠶᠢᠨ | ᠦᠶ᠎ᠡ ᠳᠤ ᠠᠳᠡ ᠮᠢᠩᠭ᠎ᠠ ᠢᠯᠡᠬᠦᠤ ᠯᠠᠮᠠ ᠨᠠᠷ ᠱᠠᠪᠢᠯᠠᠨ ᠰᠠᠭᠤᠵᠤ᠂ ᠳᠤᠬᠠᠢ ᠶᠢᠨ ᠦᠶ᠎ᠡ ᠳᠡᠭᠡᠨ ︽ᠡᠩᠭᠡᠷ | ᠮᠢᠩᠭᠠᠨ ᠱᠠᠪᠢ ᠲᠠᠢ ᠤᠮᠠᠷᠠᠳᠤ ᠶᠢᠨ ᠯᠾᠰᠠ︾ ᠬᠡᠮᠡᠨ ᠠᠯᠳᠠᠷᠰᠢᠵᠤ ᠪᠠᠶᠢᠵᠠᠢ᠃ | ᠨᠠᠢᠮᠠᠨ ᠬᠤᠷᠠᠯ — ᠪᠠᠶ᠋ᠬᠠᠤᠪᠤᠭ᠎ᠠ ᠰᠤᠮᠤᠨ ᠳᠤ ᠱᠠᠩᠳᠠ ᠶᠢᠨ ᠬᠤᠷᠠᠯ᠂ ᠸᠧᠢᠢᠵᠢᠩ ᠰᠤᠮᠤᠨ ᠳᠤ | ᠭᠠᠰᠢᠭᠤᠨ ᠤ ᠬᠤᠷᠠᠯ᠂ ᠴᠠᠭᠠᠬᠤᠪᠤᠭ᠎ᠠ ᠰᠤᠮᠤᠨ ᠳᠤ ᠮᠦᠷᠬᠦᠴᠡᠭ ᠤᠨ ᠬᠤᠷᠠᠯ᠂ ᠵᠠᠩᠭᠠᠨ ᠮᠠᠯᠵᠢᠯ ᠤᠨ ᠳᠠᠯᠠᠪᠠᠢ ᠳᠤ | ᠴᠠᠭᠠᠨ ᠤᠪᠤᠭᠠᠨ ᠬᠤᠷᠠᠯ᠂ ᠤᠯᠠᠭᠠᠨᠬᠠᠳᠠ ᠰᠤᠮᠤᠨ ᠳᠤ ᠯᠾᠷᠠᠮᠪᠠ ᠶᠢᠨ ᠬᠤᠷᠠᠯ᠂ ᠸᠧᠢᠢᠵᠢᠩ ᠰᠤᠮᠤᠨ ᠳᠤ ᠪᠤᠷᠤ | ᠬᠤᠰᠢᠭᠤᠨ ᠬᠤᠷᠠᠯ᠂ ᠨᠤᠮᠤᠭᠠᠨ ᠰᠤᠮᠤᠨ ᠳᠤ ᠭᠡᠰᠡᠷ ᠤᠨ ᠬᠤᠷᠠᠯ᠂ ᠸᠧᠢᠢᠵᠢᠩ ᠰᠤᠮᠤᠨ ᠳᠤ ᠬᠠᠰᠢᠶᠠᠳᠤ ᠶᠢᠨ | ᠬᠤᠷᠠᠯ ᠭᠡᠵᠤ ᠨᠠᠢᠮᠠᠨ ᠬᠤᠷᠠᠯ ᠲᠠᠢ ᠪᠠᠶᠢᠵᠤ ᠨᠠᠶᠢᠳᠡ ᠭᠤᠴᠢᠭᠠᠳ ᠯᠠᠮᠠ ᠲᠠᠢ ᠪᠠᠶᠢᠵᠠᠢ᠃ |