ᠲᠤᠮᠤᠭ ᠦᠪᠯᠡᠭᠰᠡᠨ ︽ᠪᠠᠶᠠᠨ ᠠᠭᠤᠯᠠ︾ | ᠦᠷᠳᠡᠭᠡ ᠠᠯᠤᠰᠯᠠᠭᠰᠠᠨ ᠪᠠᠷ᠎ᠠ ᠲᠠᠢ | ᠤᠭ ᠰᠤᠶᠢᠭᠰᠠᠨ ︽ᠵᠠᠬ᠎ᠠ ᠲᠤᠯᠤᠭᠠᠢ︾ | ᠡᠭᠦᠯᠡ ᠵᠦᠰᠦᠭᠰᠡᠨ ᠤᠷᠤᠢ ᠲᠠᠢ | ᠤᠩᠭᠤᠨ ᠰᠡᠳᠡᠷᠳᠦ ︽ᠰᠢᠷ᠎ᠠ ᠬᠠᠳᠠ︾ | ᠤᠪᠤᠭᠠᠨ ᠤ ᠱᠠᠩ ᠬᠡᠰᠢᠭ ᠲᠠᠢ | ᠦᠷᠦᠴᠡ ᠨᠢ ᠭᠠᠭᠴᠠ ︽ᠪᠢᠳᠡᠭᠦᠨ ᠤ ᠡᠪᠦᠯᠵᠢᠶ᠎ᠡ︾ | ᠤᠷᠴᠢᠯᠠᠩ ᠤᠨ ᠲᠡᠯᠭᠡᠷ ᠦᠳᠡᠰᠢᠯᠡᠭᠡ ᠲᠠᠢ | ᠲᠡᠭᠡᠳᠦᠰ ᠤᠨ ᠦᠯᠦᠭᠡᠢ ︽ᠡᠷᠳᠡᠨᠢᠳᠠᠪᠬᠤᠷ︾ | ᠪᠤᠮᠠᠨ ᠰᠦᠷᠦᠭ ᠲᠡᠭᠡᠨ ᠨᠦᠮᠦᠷᠢ ᠲᠠᠢ | ᠲᠡᠭᠡᠳᠦ ᠶᠢᠨ ᠲᠠᠬᠢᠯᠭᠠᠳᠤ ︽ᠲᠦᠮᠡᠡᠦ᠋ᠯᠵᠠᠢ ᠤᠪᠤᠭ᠎ᠠ︾ | ᠪᠤᠶᠠᠨ ᠰᠦᠵᠢᠭ ᠤᠨ ᠦᠮᠦᠭ ᠲᠠᠢ | ᠠᠪᠤ ᠶᠢᠨ ᠮᠢᠨᠢ ᠬᠠᠵᠠᠭᠤᠯᠤᠭᠰᠠᠨ ︽ᠤᠪᠤᠭᠠᠳᠤ ᠶᠢᠨ ᠲᠠᠷᠠᠰᠤ︾ | ᠵᠤᠷᠢᠭ ᠢ ᠮᠢᠨᠢ ᠬᠦᠪᠴᠢᠯᠡᠭᠰᠡᠨ ᠰᠦᠨ ᠲᠠᠯᠠᠢ | ᠡᠵᠢ ᠶᠢᠨ ᠮᠢᠨᠢ ᠨᠤᠶᠢᠷᠰᠤᠭᠰᠠᠨ ︽ᠮᠦᠩᠭᠡ ᠶᠢᠨ ᠠᠮᠠ︾ | ᠵᠤᠯᠪᠤᠭ᠎ᠠ ᠶᠢ ᠮᠢᠨᠢ ᠡᠷᠭᠦᠭᠰᠡᠨ ᠬᠠᠨ ᠰᠦᠮᠪᠦᠷ | ᠪᠠᠵᠠᠵᠤ ᠡᠮᠭᠦᠭᠰᠡᠨ ᠰᠢᠷᠭᠠᠯ ᠰᠢᠷᠤᠢ — | ᠱᠠᠳᠠᠩ ᠪᠦᠷᠡᠮ ᠯᠡ ᠶᠤᠮᠰᠠᠨ | ᠱᠠᠯᠠᠵᠤ ᠰᠢᠮᠡᠭᠰᠡᠨ ᠱᠠᠩᠳᠠ ᠶᠢᠨ ᠤᠰᠤ — | ᠤᠭᠤᠷᠠᠭ ᠰᠡᠭᠦᠯ ᠯᠡ ᠶᠤᠮᠰᠠᠨ | ᠲᠦᠷᠦᠭᠦᠯᠦᠭᠰᠡᠨ ᠡᠬᠡ ᠶᠢᠨ | ᠢᠯᠴᠢ ᠡᠨᠡᠷᠢᠯ ᠢ ᠰᠢᠩᠭᠡᠭᠡᠭᠰᠡᠨ | ᠡᠯᠪᠡᠭ ᠨᠡᠭᠡᠢ ᠬᠦᠨᠵᠢᠯᠡ — | ᠲᠦᠰᠢᠭᠦᠯᠦᠭᠰᠡᠨ ᠡᠴᠢᠭᠡ ᠶᠢᠨ | ᠰᠠᠨᠠᠭ᠎ᠠ ᠰᠡᠳᠬᠢᠯ ᠢ ᠠᠭᠤᠯᠤᠭᠰᠠᠨ | ᠰᠠᠷᠠᠭᠤᠯ ᠴᠡᠯᠡᠭᠡᠷ ᠲᠠᠯ᠎ᠠ — | ᠡᠮᠡᠭᠡ ᠶᠢᠨ ᠰᠡᠳᠬᠢᠯᠳᠦ ᠡᠬᠡ ᠨᠤᠳᠤᠭ | ᠡᠭᠡᠯᠢᠳᠦ ᠦᠨᠡᠨ ᠨᠢᠭᠡ ᠲᠡᠯᠡᠭᠡᠢ︕ | ᠡᠯᠳᠴᠡ ᠠᠴᠠ ᠬᠦᠬᠡ ᠮᠤᠩᠭᠤᠯ ᠤᠨ ᠤᠷᠤᠨ | ᠡᠷᠳᠡᠨᠢ ᠬᠦᠮᠦᠷᠭᠡᠯᠡᠭᠰᠡᠨ ᠮᠦᠩᠭᠦᠨ ᠤ ᠰᠠᠩ ᠡ︕ | ︽ᠡᠩᠭᠡᠷ︾ ᠢᠶᠠᠨ ᠲᠠᠭᠠᠭᠰᠠᠨ ︽ᠨᠠᠷᠢᠨ ᠭᠤᠤᠯ︾ | ᠠᠩᠭᠢᠷ ᠤᠭᠤᠷᠠᠭ ᠰᠢᠭ᠋ ᠢᠪᠢᠯᠭᠡ ᠲᠠᠢ | ᠶᠠᠩᠭᠢᠷ ᠡᠭᠦᠷᠯᠡᠭᠰᠡᠨ ︽ᠤᠳᠠᠴᠢ︾ ᠶᠢᠨ ᠬᠠᠳᠠ | ︽ᠠᠷᠭᠠᠯᠠᠩᠳᠤ︾ ᠶᠢᠨ ᠰᠠᠷᠬᠢᠶ᠎ᠠ ᠰᠢᠭ᠋ ᠢᠶᠠᠨ ᠪᠠᠷᠳᠠᠭ᠎ᠠ ᠲᠠᠢ | ᠵᠡᠭᠡᠷ᠎ᠡ ᠲᠠᠭᠰᠢᠭᠰᠠᠨ ︽ᠬᠤᠯᠤᠰᠤᠳᠠᠢ︾ ᠶᠢᠨ ᠵᠤ | ᠵᠡᠷᠭᠡᠯᠭᠡᠨ ᠤᠷᠤᠯᠳᠤᠭᠰᠠᠨ ᠲᠠᠯᠠᠪᠠᠢ ᠲᠠᠢ | ᠵᠡᠭᠡᠰᠦ ᠨᠢ ᠲᠤᠱᠠᠭᠰᠠᠨ ︽ᠲᠦᠭᠦᠮ︾ ᠤᠨ ᠨᠠᠭᠤᠷ | ᠵᠢᠭᠴᠢᠨ ᠭᠠᠯᠠᠭᠤᠳ ᠲᠠᠢ ᠪᠠᠨ ᠴᠡᠩᠭᠡᠭᠡᠨ ᠲᠠᠢ | ᠰᠦᠵᠢᠷᠡᠭᠰᠡᠨ ᠬᠠᠶᠢᠷᠬᠠᠨ ︽ᠵᠠᠩᠰᠠᠩ ᠨᠤᠷᠪᠤ︾ | ︽ᠰᠡᠵᠢᠭᠦᠷ︾᠂ ︽ᠲᠤᠯᠠᠭᠠᠨ︾ ᠳᠠᠭᠠᠨ ᠲᠦᠰᠢᠭ ᠲᠠᠢ | ᠰᠦᠵᠢᠷᠡᠨ ᠮᠡᠯᠮᠡᠯᠵᠡᠭᠰᠡᠨ ︽ᠰᠦᠮ᠎ᠡ ᠶᠢᠨ ᠭᠤᠤᠯ︾ | ᠰᠦᠢᠯᠡᠭᠰᠡᠨ ︽ᠵᠢᠷᠭᠠᠯᠠᠩᠳᠤ︾ ᠳᠠᠭᠠᠨ ᠴᠢᠳᠬᠤᠭᠠᠨ ᠲᠠᠢ | ᠪᠡᠯᠴᠢᠭᠡᠷ ᠲᠤᠨᠢ ᠲᠠᠰᠤᠭᠰᠠᠨ ︽ᠪᠠᠶᠠᠨ ᠬᠤᠰᠢᠭᠤ︾ | ︽ᠪᠡᠷᠭᠡ︾ ᠶᠢᠨ ᠲᠠᠪᠠᠭᠠᠨ ᠳᠠᠭᠠᠨ ᠰᠢᠨᠵᠢᠯᠡᠭᠡᠨ ᠲᠠᠢ | ᠪᠢᠴᠢᠭ ᠲᠤᠨᠢ ᠨᠢᠳᠦᠯᠦᠭᠰᠡᠨ ︽ᠪᠤᠯᠤᠳᠠᠢ︾ ᠶᠢᠨ ᠰᠤᠷᠭᠠᠭᠤᠯᠢ | ᠪᠢᠴᠢᠭ ᠤᠨ ᠲᠠᠷᠠᠬᠤᠨ ᠲᠠᠭᠠᠨ ᠰᠤᠷᠢᠭᠠᠨ ᠲᠠᠢ | ᠮᠦᠯᠬᠦᠵᠤ ᠬᠦᠯᠵᠢᠭᠰᠡᠨ ᠡᠩᠭᠡᠰᠬᠡ ᠰᠢᠷᠤᠢ — | ᠡᠳ᠋ ᠤᠨ ᠵᠦᠭᠡᠯᠡᠨ ᠨᠢ ᠶᠤᠮᠰᠠᠨ | ᠮᠦᠮᠦᠵᠤ ᠬᠦᠷᠦᠪᠵᠢᠭᠰᠡᠨ ᠷᠠᠰᠢᠶᠠᠨ ︽ᠪᠤᠯᠠᠭ︾ — | ᠡᠬᠡ ᠶᠢᠨ ᠰᠦ ᠯᠡ ᠶᠤᠮᠰᠠᠨ | ᠲᠦᠷᠦᠭᠦᠯᠦᠭᠰᠡᠨ ᠡᠬᠡ ᠰᠢᠭ ᠡᠬᠡᠯ ᠪᠦᠰᠡᠭᠦᠶᠢᠴᠦᠳ ᠤᠨ | ᠬᠦᠯᠦᠰᠦ ᠤᠷ᠎ᠠ ᠪᠠᠷ ᠬᠠᠳᠠᠭᠠᠭᠳᠠᠭᠰᠠᠨ | ᠡᠩ ᠦᠭᠡᠢ ᠴᠠᠭᠠᠨ ᠲᠤᠭᠤᠷᠭ᠎ᠠ — | ᠲᠦᠰᠢᠭᠦᠯᠦᠭᠰᠡᠨ ᠡᠴᠢᠭᠡ ᠰᠢᠭ ᠡᠷᠡᠯᠭᠡᠭ ᠵᠤᠷᠢᠯᠳᠠᠨ ᠤ | ᠬᠦᠴᠦ ᠤᠶᠤᠨ ᠢᠶᠠᠷ ᠠᠮᠢᠯᠠᠭᠰᠠᠨ | ᠡᠵᠡᠨ ᠲᠠᠢ ᠲᠠᠷᠬᠠᠨ ᠪᠠᠶᠢᠭᠠᠯᠢ — | ᠡᠪᠦᠭᠡ ᠶᠢ ᠰᠦᠷᠳᠦ ᠡᠬᠡ ᠨᠤᠳᠤᠭ | ᠡᠷᠭᠡ ᠴᠢᠯᠦᠭᠡᠨ ᠤ ᠶᠡᠭᠡ ᠴᠠᠶᠢᠵᠠ︕ | ᠵᠢᠷᠭᠠᠯ ᠤᠩᠭᠤᠯᠠᠭᠰᠠᠨ ᠠᠯᠳᠠᠨ ᠦᠯᠦᠭᠡᠢ | ᠢᠨᠢᠶᠡᠳᠦ ᠡᠵᠡᠳᠦᠭᠰᠡᠨ ᠪᠤᠯᠤᠷ ᠬᠠᠷᠰᠢ ᠡ︕ | ᠲᠠᠯ᠎ᠠ ᠶᠢᠨ ᠴᠡᠪᠡᠷ ᠠᠭᠠᠷ ᠬᠤᠷ᠎ᠠ ᠨᠢ | ᠲᠠᠭᠠᠯᠠᠵᠤ ᠷᠠᠰᠢᠶᠠᠯᠠᠬᠤ ᠵᠠᠩ ᠲᠠᠢ | ᠲᠠᠷᠠᠭ ᠴᠡᠭᠡ ᠶᠢᠨ ᠰᠢᠮ᠎ᠡ ᠲᠡᠵᠢᠭᠡᠯ ᠨᠢ | ᠲᠠᠮᠢᠷᠵᠢᠭᠤᠯᠵᠤ ᠰᠡᠷᠭᠦᠭᠡᠬᠦ ᠡᠮ ᠲᠠᠢ | ᠬᠦᠪᠴᠢ ᠬᠠᠩᠭᠠᠢ ᠶᠢᠨ ᠠᠷᠢᠭᠤᠨ ᠰᠠᠯᠬᠢ ᠨᠢ | ᠬᠦᠷᠦᠰᠦᠵᠢᠭᠦᠯᠵᠤ ᠴᠢᠩᠭᠠᠷᠠᠭᠤᠯᠬᠤ ᠢᠳᠡ ᠲᠠᠢ | ᠬᠦᠮᠡᠯᠢ ᠲᠠᠭᠠᠨ᠎ᠠ ᠶᠢᠨ ᠲᠤᠷᠤᠭ ᠱᠦᠯᠦ ᠨᠢ | ᠬᠦᠯᠦᠷᠡᠭᠦᠯᠵᠤ ᠰᠢᠩᠭᠡᠯᠭᠡᠬᠦ ᠰᠢᠳᠢ ᠲᠠᠢ | ᠭᠤᠪᠢ ᠰᠢᠯᠢ ᠶᠢᠨ ᠴᠠᠭᠠᠨ ᠰᠢᠭᠤᠷᠭ᠎ᠠ ᠨᠢ | ᠭᠤᠶᠠᠳᠠᠵᠤ ᠦᠯᠴᠢᠷᠡᠰᠢᠭᠦᠯᠬᠦ ᠲᠤᠷᠪᠢ ᠲᠡᠮ ᠲᠠᠢ | ᠭᠤᠶᠢᠪᠢᠰᠢ ᠦᠭᠡᠢ ᠦᠢᠯᠡᠰ ᠲᠡᠭᠡᠨ ᠦᠷᠡᠭᠳᠡᠬᠦ ᠵᠤᠷᠢᠭ ᠨᠢ | ᠭᠤᠳᠤᠷᠠᠰᠢ ᠦᠭᠡᠢ ᠢᠳᠡᠭᠡᠯ ᠢ ᠲᠠᠪᠳᠠᠬᠤ ᠭᠠᠩ ᠲᠠᠢ | ᠪᠢᠯᠢᠭ ᠢᠶᠠᠷ ᠴᠢᠮᠡᠭᠯᠡᠭᠰᠡᠨ ᠲᠧᠭᠨᠢᠭᠴᠢ ᠦᠬᠢᠳ ᠨᠢ | ᠤᠳᠤᠮ ᠬᠠᠳᠠᠮ ᠲᠠᠭᠠᠨ ᠲᠠᠭᠠᠯᠠᠯ ᠬᠦᠨᠳᠦ ᠲᠠᠢ | ᠰᠢᠯᠦᠭ ᠢᠶᠠᠷ ᠰᠡᠴᠡᠷᠭᠡᠭᠰᠡᠨ ᠤᠶᠤᠳᠠᠨ ᠬᠦᠪᠡᠭᠦᠳ ᠨᠢ | ᠰᠠᠷᠠᠨ ᠪᠦᠮᠪᠦᠷᠴᠡᠭ ᠲᠤ ᠰᠠᠳᠤᠨ ᠲᠦᠷᠬᠦᠮ ᠲᠠᠢ | ᠰᠠᠨᠠᠵᠤ ᠦᠨᠦᠰᠦᠭᠰᠡᠨ ᠨᠤᠳᠤᠭ ᠤᠨ ᠮᠢᠨᠢ᠂ ᠰᠢᠷᠤᠢ — | ᠤᠶᠢᠷᠠᠰᠢ ᠦᠭᠡᠢ ᠭᠠᠨᠳᠢᠭ ᠬᠦᠷᠦᠰᠦ ᠰᠠᠨ | ᠰᠠᠪᠠᠯᠠᠵᠤ ᠡᠪᠦᠷᠳᠦᠯᠡᠭᠰᠡᠨ ᠴᠡᠭᠡᠯ ᠤᠨ ᠤᠰᠤᠨ — | ᠦᠳᠡᠯᠦᠰᠢ ᠦᠭᠡᠢ ᠮᠦᠩᠭᠡ ᠶᠢᠨ ᠵᠢᠰᠦ ᠰᠠᠨ | ᠲᠦᠷᠦᠭᠦᠯᠦᠭᠰᠡᠨ ᠡᠬᠡ ᠰᠢᠭ ᠲᠦᠭ ᠲᠦᠮᠡᠨ ᠡᠵᠢ ᠶᠢᠨ | ᠦᠭᠬᠢᠶᠡᠮᠦᠷ ᠬᠠᠶᠢᠷ᠎ᠠ ᠪᠠᠷ ᠨᠠᠮᠢᠷᠠᠭᠤᠯᠤᠭᠰᠠᠨ | ᠢᠪᠡᠭᠡᠯᠳᠤ ᠮᠦᠩᠭᠦᠨ ᠲᠡᠭᠷᠢ — | ᠲᠦᠰᠢᠭᠦᠯᠦᠭᠰᠡᠨ ᠡᠴᠢᠭᠡ ᠰᠢᠭ ᠪᠤᠮ ᠪᠤᠮᠠᠨ ᠠᠪᠤ ᠶᠢᠨ | ᠢᠳᠡᠭᠡᠯ ᠢᠶᠠᠷ ᠮᠠᠨᠳᠤᠭᠰᠠᠨ | ᠶᠢᠷᠳᠢᠨᠴᠤ ᠶᠢᠨ ᠨᠢᠭᠡᠨ ᠦᠴᠦᠭ︕ | ᠡᠰᠡᠨᠢᠯ ᠤᠨ ᠪᠡᠯᠭᠡᠳᠦ ᠡᠬᠡ ᠨᠤᠳᠤᠭ | ᠡᠵᠡᠨ ᠴᠢᠩᠭᠢᠰ ᠤᠨ ᠪᠠᠬᠢ ᠭᠤᠯᠤᠮᠳᠠ︕ | ᠰᠠᠨᠰᠠᠷ ᠲᠤ ᠰᠤᠶᠤᠯ ᠢᠶᠠᠷ ᠢᠶᠠᠨ ᠲᠠᠷᠬᠠᠯᠠᠬᠤ ᠲᠦᠷᠦ | ᠰᠠᠷ᠎ᠠ ᠲᠡᠭᠡᠷ᠎ᠡ ᠦᠵᠦᠭᠦᠷᠯᠡᠬᠦ ᠠᠪᠤᠷᠭᠤ ᠪᠦᠬᠡ ᠡ︕ | ᠷᠢᠨ᠊᠂ ᠰᠤᠳᠨᠠᠮ ᠮᠠᠭᠳᠠᠪᠠ |