ᠣᠩᠭᠠᠷ ᠤᠨ ᠮᠣᠩᠭᠤᠯ ᠰᠤᠳᠤᠯᠤᠭᠠᠴᠢ᠂ ᠲᠡᠣᠬᠡᠴᠢ᠂ ᠳ᠋ᠣᠺᠲ᠋ᠣᠷ ᠪᠤᠷᠪᠠᠯᠠ ᠣᠪᠷᠣᠱᠠᠨᠰᠺᠢᠢ ᠨᠢ ︽ | ᠡᠸᠦ᠋ᠷᠦᠫᠠ ᠶᠢ ᠳᠤᠩᠰᠤᠯᠭᠠᠭᠰᠠᠨ ᠾᠦᠩᠨᠣ ᠶᠢᠨ ᠲᠡᠣᠬᠡ ᠪᠤᠶᠤ ᠠᠳ᠋ᠲ᠋ᠢᠯᠠ ᠬᠠᠭᠠᠨ ᠤ ᠴᠠᠳᠢᠭ︾ ᠬᠡᠮᠡᠬᠦ ᠡᠨᠡᠬᠦ | ᠪᠦᠳᠦᠭᠡᠯ ᠢᠶᠠᠨ ᠮᠣᠩᠭᠤᠯ ᠬᠡᠯᠡ ᠲᠡᠭᠡᠷ᠎ᠡ ᠦᠪᠡᠷ ᠢᠶᠠᠨ ᠪᠢᠴᠢᠵᠦ ᠮᠠᠨ ᠤ ᠨᠡᠷ᠎ᠡ ᠪᠦᠬᠦᠢ ᠡᠷᠳᠡᠮᠲᠡᠳ᠂ | ᠲᠡᠣᠬᠡᠴᠢᠳ ᠢᠶᠠᠷ ᠬᠢᠨᠠᠭᠤᠯᠵᠠᠢ᠃ ᠣᠩᠭᠠᠷᠴᠤᠳ ᠡᠷᠲᠡᠨ ᠤ ᠾᠦᠩᠨᠣ ᠨᠠᠷ ᠤᠨ ᠦᠷ᠎ᠠ ᠣᠳᠣᠮ ᠭᠡᠮᠡᠨ | ᠦᠪᠡᠷᠰᠡᠳ ᠢᠶᠠᠷ ᠢᠶᠠᠨ ᠪᠠᠭ᠋ᠠᠷᠬᠠᠳᠠᠭ᠃ ᠠᠳ᠋ᠲ᠋ᠢᠯᠠ ᠶᠢᠨ ᠲᠡᠣᠬᠡ ᠴᠦ ᠭᠡᠰᠡᠨ ᠮᠣᠩᠭᠤᠯ ᠣᠷᠤᠨ ᠳᠤ ᠣᠯᠠᠨ ᠴᠦ | ᠬᠦᠮᠦᠨ ᠤ ᠰᠤᠨᠢᠷᠬᠠᠯ ᠢ ᠲᠠᠳᠠᠵᠤ ᠪᠠᠶᠢᠭ᠎ᠠ ᠪᠢᠯᠡ᠃ ᠠᠳ᠋ᠲ᠋ᠢᠯᠠ ᠬᠠᠭᠠᠨ᠂ ᠲᠡᠭᠦᠨ ᠤ ᠡᠵᠡᠨᠲᠤ ᠣᠯᠤᠰ᠂ ᠠᠳ᠋ᠲ᠋ᠢᠯᠠ | ᠬᠠᠭᠠᠨ ᠤ ᠲᠡᠣᠬᠡᠨ ᠳᠤ ᠦᠯᠡᠳᠡᠭᠡᠭᠰᠡᠨ ᠣᠯᠠ ᠮᠦᠷ ᠦᠨᠦ ᠴᠦ ᠭᠡᠰᠡᠨ ᠳᠡᠯᠡᠬᠡᠢ ᠶᠢ ᠱᠤᠣᠭᠢᠭᠤᠯᠤᠭᠰᠠᠭᠠᠷ ᠪᠠᠶᠢᠨ᠎ᠠ᠃ | ᠭᠡᠬᠦ ᠳᠡᠭᠡᠨ ᠡᠬᠢ ᠰᠣᠷᠪᠤᠯᠵᠢ ᠬᠤᠮᠰᠠ ᠣᠴᠢᠷ ᠠᠴᠠ ᠵᠠᠷᠢᠮ ᠠᠰᠠᠭᠤᠳᠠᠯ ᠤᠳ ᠬᠠᠷᠢᠭᠤᠯᠲᠠ ᠦᠭᠡᠢ ᠬᠡᠪ ᠢᠶᠠᠷ | ᠦᠯᠡᠳᠡᠵᠤ ᠪᠠᠶᠢᠨ᠎ᠠ᠃ ᠣ᠂ ᠪᠣᠷᠪᠠᠯᠨ ᠶᠢᠨ ᠡᠨᠡᠬᠦ ᠪᠦᠲᠦᠭᠡᠯ ᠨᠢ ᠠᠳ᠋ᠲ᠋ᠢᠯᠠ ᠬᠠᠭᠠᠨ ᠤ ᠲᠠᠯ᠎ᠠ ᠪᠠᠷ ᠬᠢ ᠪᠤᠰᠤᠳ | ᠪᠦᠳᠦᠭᠡᠯ ᠤᠳ ᠲᠠᠢ ᠬᠠᠷᠢᠴᠠᠭᠤᠯᠬᠤ ᠳᠤ ᠦᠪᠡᠷ ᠤᠨ ᠭᠡᠰᠡᠨ ᠣᠨᠴᠠᠯᠢᠭ ᠤᠳ ᠲᠠᠢ᠃ | ᠶᠠᠭᠤᠨ ᠤ ᠡᠮᠦᠨ᠎ᠡ ᠡᠨᠡᠬᠦ ᠰᠣᠳᠣᠯᠭᠠᠨ ᠤ ᠠᠵᠢᠯ ᠳᠤ ᠡᠷᠲᠡᠨ ᠤ ᠷᠣᠮᠠ᠂ ᠭᠷᠧᠭ᠂ ᠣᠩᠭᠠᠷ᠂ ᠮᠣᠩᠭᠤᠯ ᠡᠬᠢ | ᠰᠤᠷᠪᠣᠯᠵᠢ ᠨᠤᠭᠤᠳ ᠢ ᠬᠠᠷᠢᠴᠠᠭᠤᠯᠣᠨ ᠦᠵᠡᠭᠰᠡᠨ ᠢᠶᠠᠷ ᠢᠶᠠᠨ ᠣᠨᠴᠠᠯᠢᠭ ᠪᠤᠯᠵᠤ ᠪᠠᠶᠢᠭ᠎ᠠ ᠶᠤᠮ᠃ ᠮᠦᠨ | ᠾᠦᠩᠨᠣ ᠨᠠᠷ ᠤᠨ ᠭᠠᠷᠣᠯ ᠡᠭᠦᠰᠦᠯ᠂ ᠡᠸᠦ᠋ᠷᠦᠫᠠ ᠶᠢᠨ ᠾᠦᠩᠨᠣ ᠨᠠᠷ ᠠᠽᠢᠶ᠎ᠠ ᠶᠢᠨ ᠾᠦᠩᠨᠦ ᠲᠠᠢ ᠬᠡᠷᠬᠢᠨ | ᠬᠤᠯᠪᠣᠭᠳᠠᠵᠤ ᠪᠠᠶᠢᠭ᠎ᠠ ᠲᠠᠯ᠎ᠠ ᠪᠠᠷ ᠳᠡᠯᠭᠡᠷᠡᠩᠭᠦᠢ ᠲᠠᠶᠢᠯᠪᠣᠷᠢ ᠪᠢᠴᠢᠵᠠᠢ᠃ ᠣᠩᠭᠠᠷᠴᠤᠳ ᠠᠳ᠋ᠲ᠋ᠢᠯᠠ ᠶᠢ | ᠦᠪᠡᠷᠰᠡᠳ ᠤᠨ ᠬᠠᠮᠤᠭ ᠤᠨ ᠮᠤᠨᠳᠠᠭ ᠬᠠᠭᠠᠨ ᠭᠡᠵᠦ ᠲᠤᠭᠠᠴᠠᠳᠠᠭ ᠪᠠᠶᠢᠨ᠎ᠠ᠃ ᠾᠦᠩᠨᠣ ᠨᠠᠷ ᠡᠸᠦ᠋ᠷᠦᠫᠠ ᠶᠢ | ᠲᠡᠷᠡ ᠴᠢᠭ ᠲᠤ ᠨᠢ ᠬᠦᠳᠡᠯᠬᠡᠬᠡᠨ ᠳᠤ ᠣᠷᠣᠭᠤᠯᠵᠣ᠂ ᠲᠡᠳᠠᠨ ᠳᠤ ᠰᠠᠶᠢᠨ ᠪᠤᠯᠤᠨ ᠮᠠᠭᠤ ᠪᠠᠷ ᠳᠤᠷᠠᠰᠤᠭᠳᠠᠳᠠᠭ | ᠪᠦᠭᠡᠳ ᠬᠠᠷᠠᠮᠰᠠᠯᠲᠠᠢ ᠨᠢ ᠪᠠᠷᠠᠭᠤᠨ ᠡᠸᠦ᠋ᠷᠦᠫᠠ ᠶᠢᠨ ᠲᠡᠣᠬᠡᠴᠢᠳ ᠾᠦᠩᠨᠣ ᠶᠢᠨ ᠲᠡᠣᠬᠡ ᠶᠢ ᠵᠦᠪᠬᠡᠨ ᠨᠢᠭᠡ | ᠲᠠᠯ᠎ᠠ ᠠᠴᠠ ᠳᠠᠶᠢᠯᠪᠤᠷᠢᠯᠠᠵᠣ᠂ ᠦᠷᠦᠭᠡᠰᠦᠯᠡᠯ ᠢᠶᠠᠷ ᠠᠪᠴᠣ ᠦᠵᠡᠳᠡᠭ ᠢ ᠰᠢᠭᠦᠮᠵᠢᠯᠡᠭᠰᠡᠨ ᠪᠠᠶᠢᠨ᠎ᠠ᠃ ᠾᠦᠩᠨᠣ | ᠨᠠᠷ ᠰᠢᠭ᠋ ᠡᠸᠦ᠋ᠷᠦᠫᠠ ᠳᠤ ᠨᠦᠯᠦᠭᠡᠯᠡᠭᠰᠡᠨ ᠦᠨᠳᠦᠰᠦᠲᠡᠨ ᠪᠠᠶᠢᠬᠤ ᠦᠭᠡᠢ᠂ ᠬᠤᠵᠢᠮ ᠤᠨ 13 ᠳ᠋ᠣᠭᠠᠷ | ᠵᠠᠭᠤᠨ ᠳᠤ ᠢᠷᠡᠭᠰᠡᠨ ᠮᠣᠩᠭᠤᠯ ᠤᠨ ᠳᠦᠷᠢᠮᠡᠬᠡᠶᠢᠯᠡᠯ ᠴᠦ ᠡᠸᠤᠷᠤᠫᠠᠴᠤᠳ ᠢ ᠲᠡᠭᠡᠵᠦ ᠶᠡᠭᠡ ᠴᠤᠴᠢᠷᠠᠭᠠᠵᠤ | ᠴᠢᠳᠠᠭ᠎ᠠ ᠦᠭᠡᠢ ᠭᠡᠮᠡᠨ ᠵᠤᠬᠢᠶᠠᠭᠴᠢ ᠳ᠋ᠦᠩᠨᠡᠵᠠᠢ᠃ | ᠬᠤᠶᠠᠳᠤᠭᠠᠷ ᠲᠤ ᠵᠤᠬᠢᠶᠠᠭᠴᠢ ᠦᠵᠡᠬᠦ ᠳᠡᠭᠡᠨ ᠡᠸᠦ᠋ᠷᠦᠫᠠ ᠶᠢᠨ ᠾᠦᠩᠨᠣ ᠨᠠᠷ ᠤᠨ ᠲᠡᠣᠬᠡ᠂ ᠣᠭᠰᠠᠭ᠎ᠠ | ᠭᠠᠷᠤᠯ ᠢ ᠠᠽᠢᠶ᠎ᠠ ᠶᠢᠨ ᠾᠦᠩᠨᠣ ᠨᠠᠷ ᠲᠠᠢ ᠵᠠᠪᠠᠯ ᠬᠤᠯᠪᠣᠵᠤ ᠦᠵᠡᠬᠦ ᠶᠤᠰᠤᠲᠠᠢ ᠭᠡᠵᠦ ᠪᠢᠴᠢᠵᠠᠢ᠃ | ᠰᠤᠳᠤᠯᠤᠭᠠᠴᠢ ᠮᠠᠨᠢ ᠡᠷᠲᠡᠨ ᠤ ᠬᠢᠲᠠᠳ ᠡᠬᠢ ᠰᠣᠷᠪᠤᠯᠵᠢ ᠪᠤᠯᠤᠨ ᠭᠤᠮᠢᠯᠧᠪ ᠤᠨ ᠪᠢᠴᠢᠭᠰᠡᠨ ᠢ ᠴᠦ ᠰᠠᠶᠢᠨ | ᠰᠣᠳᠣᠯᠵᠣ ᠦᠵᠡᠭᠰᠡᠨ ᠭᠡᠳᠡᠭ ᠨᠢ ᠬᠠᠷᠠᠭᠳᠠᠵᠤ ᠪᠠᠶᠢᠨ᠎ᠠ᠃ ᠲᠤᠰ ᠪᠦᠳᠦᠬᠡᠯ ᠳᠤ ᠠᠯᠳᠠᠷᠲᠣ ᠺᠠᠲ᠋ᠠᠯᠢ ᠶᠢᠨ | ᠲᠤᠯᠤᠯᠳᠤᠭᠠᠨ ᠨᠢ ᠣᠮᠠᠷᠠᠲᠣ ᠹᠷᠠᠨᠽᠢ ᠳᠤ ᠪᠤᠯᠤᠭ᠎ᠠ ᠦᠭᠡᠢ᠂ ᠬᠠᠷᠢᠨ ᠺᠠᠲ᠋ᠠᠯᠣᠨ ᠦᠨᠳᠦᠰᠦᠲᠡᠨ ᠤ ᠨᠣᠲᠤᠭ ᠲᠤ | ᠪᠤᠶᠤ ᠢᠰᠫᠠᠨᠢ ᠶᠢᠨ ᠬᠤᠶᠢᠳᠦ ᠬᠡᠰᠡᠭ ᠲᠤ ᠪᠣᠯᠣᠭᠰᠠᠨ ᠶᠤᠮ ᠬᠡᠮᠡᠵᠠᠢ᠃ ᠵᠤᠬᠢᠶᠠᠭᠴᠢ ᠣ᠂ ᠪᠤᠷᠪᠠᠯᠠ ᠨᠢ 1972 | ᠣᠨ ᠳᠤ ᠣᠩᠭᠠᠷ ᠤᠨ ᠣᠵᠳ᠋ ᠬᠤᠲᠠ ᠳᠤ ᠮᠡᠨᠳᠣᠯᠡᠭᠰᠡᠨ᠃ 1999 ᠣᠨ ᠳᠤ ᠲᠡᠣᠬᠡ ᠶᠢᠨ ᠫᠷᠤᠹᠧᠰᠰᠤᠷ ᠵ᠊᠂ | ᠪᠤᠯᠤᠳᠪᠠᠭᠠᠲᠤᠷ ᠤᠨ ᠣᠳᠤᠷᠢᠳᠤᠯᠭ᠎ᠠ ᠪᠠᠷ ︽ᠣᠩᠭᠠᠷ ᠪᠤᠯᠤᠨ ᠮᠣᠩᠭᠤᠯ ᠤᠨ ᠨᠡᠶᠢᠭᠡᠮ ᠤᠨ ᠠᠳᠠᠯᠢᠳᠬᠠᠯ︾ | ᠰᠡᠳᠣᠪ ᠢᠶᠠᠷ ᠲᠡᠣᠬᠡ ᠶᠢᠨ ᠣᠬᠠᠭᠠᠨ ᠤ ᠳ᠋ᠣᠺᠲ᠋ᠣᠷ ᠤᠨ ᠵᠡᠷᠭᠡ ᠬᠠᠮᠭᠠᠯᠠᠵᠠᠢ᠃ ᠣ᠂ ᠪᠤᠷᠪᠠᠯᠠ ᠳ᠋ᠣᠺᠲ᠋ᠣᠷ ᠤᠨ | ᠰᠣᠳᠣᠯᠭᠠᠨ ᠤ ᠴᠢᠭᠯᠡᠯ ᠨᠢ ᠡᠸᠦ᠋ᠷᠤᠫᠠ ᠠᠽᠢᠶ᠎ᠠ ᠶᠢᠨ ᠡᠷᠲᠡᠨ ᠤ ᠨᠡᠭᠦᠳᠡᠯᠴᠢᠳ ᠤᠨ ᠣᠭᠰᠠᠭ᠎ᠠ ᠭᠠᠷᠪᠠᠯ᠂ ᠣᠯᠣᠰ | ᠲᠦᠷᠦ ᠶᠢᠨ ᠲᠣᠭᠲᠠᠯᠴᠠᠭ᠎ᠠ ᠶᠤᠮ᠃ ᠳ᠋ᠣᠺᠲ᠋ᠣᠷ ᠣ᠂ ᠪᠤᠷᠪᠠᠯᠠ ᠨᠢ 2005 ᠣᠨ ᠳᠤ ︽ᠮᠣᠩᠭᠤᠯ ᠣᠯᠤᠰ ᠤᠨ | ᠲᠡᠣᠬᠡ ᠶᠢᠨ ᠲᠤᠪᠴᠢᠶ᠎ᠠ︾᠂ ︽ᠴᠢᠩᠭᠢᠰ ᠬᠠᠭᠠᠨ ᠤ ᠣᠶᠣᠨ ᠳᠦᠯᠬᠢᠭᠦᠷ︾᠂ 2006 ᠣᠨ ᠳᠤ ︽ | ᠨᠢᠰᠲ᠋ᠣᠷᠢᠶᠠᠨ ᠱᠠᠰᠢᠨ ᠢ ᠳᠤᠷᠤᠨᠠᠲᠤ ᠳᠤ ᠳᠡᠯᠭᠡᠷᠡᠭᠦᠯᠦᠭᠰᠡᠨ ᠲᠡᠣᠬᠡ᠂ ᠲᠡᠭᠦᠨ ᠤ ᠮᠣᠩᠭᠤᠯ ᠤᠨ ᠡᠵᠡᠨ ᠬᠠᠭᠠᠨᠲᠤ | ᠣᠯᠤᠰ ᠤᠨ ᠳᠤᠷᠠᠰᠬᠠᠯ ᠤᠳ︾ ᠵᠡᠷᠭᠡ ᠪᠦᠲᠦᠭᠡᠯ ᠤᠳ ᠢ ᠣᠩᠭᠠᠷ ᠬᠡᠯᠡᠨ᠎ᠡ ᠣᠷᠴᠢᠭᠤᠯᠵᠠᠢ᠃ | 2014 ᠣᠨ ᠳᠤ ︽ᠶᠡᠭᠡ ᠵᠠᠰᠠᠭ︾ ᠬᠠᠤᠯᠢ᠂ ︽ᠠᠷᠪᠠᠨ ᠪᠣᠶᠠᠨᠳᠣ ᠨᠣᠮ ᠤᠨ ᠴᠠᠭᠠᠨ ᠲᠡᠣᠬᠡ︾ ᠵᠡᠷᠭᠡ | ᠪᠦᠲᠦᠭᠡᠯ ᠤᠳ ᠢ ᠣᠩᠭᠠᠷ ᠬᠡᠯᠡᠨ᠎ᠡ ᠬᠦᠷᠪᠡᠭᠦᠯᠵᠠᠢ᠃ ᠳ᠋ᠣᠺᠲ᠋ᠣᠷ ᠣ᠂ ᠪᠤᠷᠪᠠᠯᠠ ᠨᠢ ᠳ᠋ᠠᠨᠮᠠᠷᠺ ᠣᠯᠤᠰ ᠤᠨ ᠳᠣᠮᠳᠠᠳᠣ | ᠠᠽᠢᠶ᠎ᠠ ᠰᠣᠳᠣᠯᠭᠠᠨ ᠤ ᠲᠦᠪ᠂ ᠺᠧᠮᠪᠧᠷᠢᠵᠢ ᠶᠢᠨ ᠶᠡᠭᠡ ᠰᠣᠷᠭᠠᠭᠤᠯᠢ ᠶᠢᠨ ᠳᠣᠮᠳᠠᠳᠣ ᠠᠽᠢᠶ᠎ᠠ ᠶᠢᠨ ᠰᠣᠳᠣᠯᠭᠠᠨ ᠤ | ᠲᠦᠪ ᠤᠨ ᠭᠡᠰᠢᠭᠦᠨ ᠶᠤᠮ ᠪᠠᠶᠢᠨ᠎ᠠ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ |