ᠨᠤᠳᠤᠭ ᠤᠨ ᠪᠤᠷᠦ ᠴᠢᠯᠠᠭᠤ
ᠨᠡᠶᠢᠲᠡᠯᠡᠭᠰᠡᠨ ᠴᠠᠭ᠄
2020/12/21
     ᠵᠢᠵᠢᠭᠬᠡᠨ ᠴᠠᠭᠠᠰᠣᠨ ᠬᠠᠶᠢᠷᠴᠠᠭ ᠲᠤ ᠬᠢᠭᠡᠳ ᠬᠡᠷᠡᠮ ᠳᠡᠭᠡᠷ᠎ᠡ ᠪᠠᠨ ᠡᠯᠭᠦᠭᠰᠡᠨ ᠬᠦᠬᠡ ᠴᠢᠯᠠᠭᠤ ᠶᠢ ᠨᠠᠶᠢᠵᠠ ᠨᠠᠷ ᠮᠢᠨᠢ ᠦᠵᠡᠭᠡᠳ ᠶᠡᠭᠡ ᠱᠣᠬᠤᠭᠤᠷᠬᠠᠳᠠᠭ᠃ ᠵᠠᠷᠢᠮ ᠨᠢ ᠪᠦᠷ ᠦᠯᠦ ᠲᠣᠭᠤᠮᠰᠠᠷᠯᠠᠨ᠂ ᠬᠡᠷᠡᠭ ᠦᠭᠡᠢ ᠴᠢᠯᠠᠭᠤ ᠶᠢ ᠬᠡᠷᠡᠮ ᠳᠡᠭᠡᠷ᠎ᠡ ᠪᠠᠨ ᠡᠯᠭᠦᠭᠡᠳ ᠬᠡᠨ ᠳᠤ ᠦᠵᠡᠭᠦᠯᠬᠦ ᠪᠠᠭᠠᠰᠢ ᠪᠢᠯᠡ︖ ᠭᠡᠬᠦ ᠰᠢᠥᠬᠡᠨ ᠠᠶᠠᠰ ᠲᠠᠢ ᠳᠣᠣᠭᠠᠷᠬᠤ ᠨᠢ ᠵᠦᠩᠳᠡᠬᠡᠨ᠃ ᠲᠡᠶᠢᠮᠦ ᠡ᠂ ᠲᠡᠷᠡ ᠪᠣᠯ ᠪᠠᠶᠢᠭᠠᠯᠢ ᠠᠴᠠ ᠲᠡᠭᠦᠭᠰᠡᠨ ᠶᠠᠯᠢᠮ ᠦᠭᠡᠢ ᠴᠢᠯᠠᠭᠤ ᠪᠢᠯᠡ᠃ ᠡᠨᠡ ᠴᠢᠯᠠᠭᠤ ᠪᠠᠭᠠᠷᠢᠨ ᠲᠡᠨᠢᠭᠡᠷ ᠰᠢᠭ ᠭᠤᠸᠠᠯᠢᠭ ᠦᠩᠭᠡ᠂ ᠭᠤᠶᠣᠬᠠᠨ ᠬᠡ ᠦᠭᠡᠢ᠂ ᠰᠣᠨᠢᠨ ᠬᠠᠴᠢᠨ ᠳᠦᠷᠰᠦᠲᠡᠢ ᠪᠠᠶᠢᠭᠠᠯᠢ ᠶᠢᠨ ᠱᠣᠭᠤᠮᠠᠯ ᠣᠷᠠᠯᠠᠯ ᠴᠦ ᠪᠢᠰᠢ᠂ ᠠᠯᠢ ᠡᠰᠡᠭᠦᠯ᠎ᠡ ᠬᠠᠮᠢᠭ᠎ᠠ ᠨᠢᠭᠡ ᠭᠠᠵᠠᠷ ᠠᠴᠠ ᠭᠡᠨᠡᠳᠳᠡᠬᠡᠨ ᠣᠯᠳᠠᠭᠰᠠᠨ ᠰᠣᠯᠢᠷ ᠤᠨ ᠬᠡᠯᠲᠡᠷᠬᠡᠢ᠂ ᠡᠷᠳᠡᠨᠢ ᠶᠢᠨ ᠴᠢᠯᠠᠭᠤ ᠴᠦ ᠪᠢᠰᠢ᠃ ᠭᠡᠪᠡᠴᠦ ᠡᠪ ᠡᠩ ᠤᠨ ᠠᠲᠠᠯ᠎ᠠ ᠨᠣᠲᠤᠭ ᠤᠨ ᠮᠢᠨᠢ ᠳᠠᠭᠤᠣ ᠶᠢ ︽ᠳᠠᠭᠤᠯᠠᠵᠤ︾ ᠴᠢᠳᠠᠳᠠᠭ ᠲᠤᠨᠢ ᠪᠢ ᠡᠨᠡ ᠴᠢᠯᠠᠭᠤ ᠶᠢ ᠬᠠᠶᠢᠷᠠᠯᠠᠳᠠᠭ᠃      ᠨᠠᠮ ᠰᠡᠯᠡᠭᠦᠦ ᠣᠷᠣᠢ ᠶᠢᠨ ᠴᠠᠭ ᠲᠤ᠂ ᠲᠠᠯᠪᠢᠭᠤᠷ ᠳ᠋ᠧᠩ ᠤᠨ ᠭᠡᠷᠡᠯ ᠤᠨ ᠳᠣᠣᠷ᠎ᠠ ᠶᠠᠭᠤ ᠨᠢᠭᠡ ᠶᠢ ᠰᠡᠳᠬᠢᠵᠦ ᠳᠣᠷᠠᠰᠣᠯ ᠮᠦᠷᠦᠭᠡᠳᠦᠯ᠂ ᠮᠠᠷᠭᠠᠰᠢ ᠢᠷᠡᠭᠡᠳᠦᠢ ᠶᠢᠨ ᠲᠣᠬᠠᠢ ᠪᠣᠳᠣᠯᠭᠠᠰᠢᠷᠠᠯ ᠳᠤ ᠠᠪᠲᠠᠨ ᠰᠠᠭᠤᠬᠤ ᠳᠠᠭᠠᠨ ᠪᠢ ᠡᠨᠡ ᠬᠡᠰᠡᠭ ᠴᠢᠯᠠᠭᠤ ᠶᠢ ᠬᠠᠷᠠᠵᠤ᠂ ᠢᠯᠪᠢᠵᠦ᠂ ᠬᠠᠶᠠ ᠦᠨᠦᠷᠲᠡᠨ ᠦᠨᠦᠰᠦᠨ ᠰᠠᠭᠤᠳᠠᠭ ᠴᠦ ᠰᠠᠨ᠃ ᠲᠡᠭᠡᠬᠦ ᠳᠤ ᠵᠢᠵᠢᠭᠬᠡᠨ ᠬᠦᠬᠡ ᠡᠨᠡ ᠴᠢᠯᠠᠭᠤ ᠨᠢᠯᠬ᠎ᠠ ᠪᠠᠭ᠎ᠠ ᠨᠠᠰᠤ᠂ ᠵᠠᠯᠠᠭᠤ ᠽᠠᠨᠳᠠᠨ ᠦᠶ᠎ᠡ ᠶᠢᠨ ᠶᠠᠭᠤ ᠪᠦᠬᠦᠨ ᠢ ᠰᠠᠨᠠᠭᠳᠠᠭᠤᠯᠵᠤ᠂ ᠣᠶᠠᠩᠭ᠎ᠠ ᠶᠢᠨ ᠳᠠᠭᠤᠤ ᠰᠢᠭ᠋ ᠵᠢᠷᠦᠬᠡᠨ ᠳᠤ ᠣᠷᠣᠭᠤᠯᠳᠠᠭ ᠪᠠᠶᠢᠭᠰᠠᠨ ᠶᠣᠮ᠃ ᠱᠠᠭᠠᠵᠠᠩ ᠤᠨ ᠬᠡᠯᠲᠡᠷᠬᠡᠢ᠂ ᠸᠠᠭᠠᠷ ᠤᠨ ᠬᠠᠭᠠᠷᠬᠠᠢ ᠪᠠᠷ ᠠᠶᠢᠯ ᠭᠡᠷ ᠢᠶᠠᠨ ᠪᠣᠰᠬᠠᠭᠰᠠᠨ ᠬᠡᠦᠬᠡᠳ ᠤᠨ ᠨᠠᠭᠠᠳᠣᠮ᠂ ᠪᠣᠭᠤᠷᠣᠯᠬᠠᠨ ᠡᠪᠦᠭᠡ ᠲᠠᠢ ᠪᠠᠨ ᠮᠦᠷᠭᠦᠴᠡᠭ ᠤᠨ ᠬᠤᠭᠤᠯᠠᠢ᠂ ᠬᠠᠳᠠᠨ ᠡᠩᠬᠡᠷ ᠳᠠᠮᠵᠢᠨ ᠮᠦᠭᠦ ᠲᠡᠭᠦᠳᠡᠭ ᠪᠠᠶᠢᠭᠰᠠᠨ ᠪᠠᠯᠴᠢᠷᠬᠠᠨ ᠬᠤᠷᠸ᠎ᠠ᠂ ᠰᠣᠷᠭᠠᠭᠤᠯᠢ ᠳᠤ ᠰᠠᠭᠤᠬᠤ ᠭᠡᠵᠦ ᠡᠵᠢ ᠲᠠᠢ ᠪᠠᠨ ᠬᠠᠮᠲᠣ ᠦᠬᠡᠷ ᠲᠡᠷᠭᠡ ᠪᠠᠷ ᠰᠣᠮᠣ ᠣᠷᠣᠵᠤ ᠪᠠᠶᠢᠭᠰᠠᠨ ᠠᠯᠲᠠᠷᠠᠶᠢᠬᠠᠨ ᠵᠢᠷᠭᠤᠭᠠᠨ ᠨᠠᠰᠣ᠂ ᠡᠳ᠋ᠯᠡᠵᠦ ᠶᠠᠪᠣᠭ᠎ᠠ ᠬᠤᠷᠢᠨ ᠭᠤᠷᠪᠠᠨ ᠨᠠᠰᠣᠨ ᠤ ᠮᠢᠨᠢ ᠠᠯᠳᠠᠭ᠎ᠠ ᠣᠨᠤᠭ᠎ᠠ ᠵᠡᠷᠭᠡ ᠶᠢ ᠮᠢᠨᠢ ᠵᠢᠷᠦᠬᠡᠨ ᠳᠤ ᠰᠢᠪᠡᠨᠡᠵᠦ᠂ ᠠᠮᠢ ᠦᠭᠡᠢ ᠴᠢᠯᠠᠭᠤ ᠨᠢ ᠬᠦᠷᠳᠡᠯ᠎ᠡ ᠬᠦᠮᠦᠨ ᠤ ᠬᠠᠶᠢᠷ᠎ᠠ ᠪᠠᠷ ᠡᠮᠵᠡᠭᠯᠡᠳᠡᠭ ᠮᠣᠩᠭᠤᠯ ᠨᠣᠲᠤᠭ ᠲᠤ ᠡᠷ᠎ᠡ ᠪᠣᠯᠵᠣ ᠲᠦᠷᠦᠭᠰᠡᠨ ᠤ ᠣᠯᠵᠠᠷᠬᠠᠯ ᠲᠣᠭᠳᠣᠯᠣᠯ ᠮᠢᠨᠣ ᠰᠡᠳᠬᠢᠯ ᠳᠤ ᠰᠦ ᠰᠢᠭ ᠲᠡᠪᠡᠷᠡᠬᠦ ᠨᠢ ᠲᠠᠩᠴᠣ ᠰᠠᠶᠢᠬᠠᠨ︕      ᠢᠳᠡᠷ ᠬᠦᠷᠡᠩ ᠪᠠᠶᠢᠭᠠᠯᠢ ᠲᠠᠢ ᠪᠠᠨ ᠨᠠᠰᠣ ᠴᠢᠴᠠᠣᠯᠠᠵᠣ᠂ ᠰᠠᠯᠬᠢᠨ ᠳᠤᠨᠢ ᠢᠯᠪᠢᠭᠦᠯᠵᠦ ᠨᠠᠷᠠᠨ ᠳᠤᠨᠢ ᠲᠠᠭᠠᠯᠠᠭᠳᠠᠵᠣ ᠶᠠᠪᠣᠭᠰᠠᠨ ᠡᠨᠡ ᠴᠢᠯᠠᠭᠤ ᠶᠢ ᠦᠨᠦᠷᠲᠦᠬᠦ ᠳᠤ ᠡᠯᠢᠭᠡᠳᠡᠨ ᠣᠨᠠᠭᠰᠠᠨ ᠡᠬᠡ ᠨᠣᠲᠤᠭ ᠤᠨ ᠮᠢᠨᠢ ᠣᠰᠣ ᠬᠦᠷᠦᠰᠦᠨ ᠤ ᠦᠨᠦᠷ᠂ ᠬᠤᠨᠢᠴᠢᠨ ᠡᠪᠦᠭᠡ ᠶᠢᠨ ᠮᠢᠨᠢ ᠨᠠᠷᠠᠨ ᠤ ᠰᠠᠯᠬᠢ ᠲᠠᠢ ᠦᠨᠦᠷ᠂ ᠪᠣᠷᠣ ᠢᠰᠡᠭᠡᠢ ᠭᠡᠷ ᠤᠨ ᠮᠢᠨᠢ ᠠᠷᠭᠠᠯ ᠤᠨ ᠣᠲᠤᠭ᠎ᠠ ᠲᠠᠢ ᠦᠨᠦᠷ ᠁ ᠵᠡᠷᠭᠡ ᠵᠡᠷᠭᠡ ᠳᠡᠭᠡᠨ ᠦᠨᠦᠷᠲᠦᠬᠦ‍ ᠰᠢᠭ ᠰᠠᠨᠠᠭᠳᠠᠵᠣ᠂ ᠣᠷᠲᠣ ᠶᠢᠨ ᠲᠠᠭᠤᠣ᠂ ᠣᠶᠠᠩᠭ᠎ᠠ ᠨᠠᠶᠢᠷᠠᠭ ᠠᠳᠡ ᠠᠴᠠ ᠯᠠ ᠲᠦᠷᠦᠳᠡᠭ ᠰᠢᠭ ᠪᠣᠳᠣᠭᠳᠠᠬᠤ ᠪᠠᠷ ᠨᠠᠷᠠᠨ ᠤ ᠲᠣᠣᠷ᠎ᠠ ᠠᠮᠢᠲᠣ ᠶᠠᠪᠣᠬᠤ ᠶᠢᠨ ᠪᠠᠭ᠋ᠠᠷᠬᠠᠯ ᠢ ᠨᠣᠲᠤᠭ ᠮᠢᠨᠢ ᠬᠠᠶᠢᠷᠠᠯᠠᠳᠠᠭ ᠪᠠᠶᠢᠵᠠᠢ ᠭᠡᠵᠦ ᠣᠬᠠᠭᠠᠷᠠᠳᠠᠭ ᠪᠠᠶᠢᠭᠰᠠᠨ᠃ ᠣᠨᠠᠭᠰᠠᠨ ᠨᠣᠲᠤᠭ ᠤᠨ ᠮᠢᠨᠢ ᠭᠠᠭᠴᠠ ᠬᠡᠰᠡᠭ ᠴᠢᠯᠠᠭᠤ ᠬᠦᠷᠳᠡᠯ᠎ᠡ ᠠᠮᠢ ᠠᠮᠢᠵᠢᠷᠠᠯ ᠤᠨ ᠢᠷᠠᠭᠤ ᠰᠣᠳᠣᠨ ᠲᠣᠣᠯᠢ ᠬᠠᠶᠢᠯᠠᠵᠣ᠂ ᠨᠣᠲᠣᠭᠴᠢ ᠬᠦᠮᠦᠨ ᠳᠤ ᠠᠭᠤᠯᠠᠨ ᠤ ᠴᠢᠯᠠᠭᠤ ᠡᠷᠳᠡᠨᠢ ᠪᠣᠯᠳᠠᠭ ᠵᠢᠮ᠎ᠡ ᠶᠢ ᠣᠶᠢᠯᠠᠭᠠᠭᠤᠯᠵᠣ ᠴᠢᠳᠠᠭᠰᠠᠨ ᠪᠠᠶᠢᠬᠤ ᠳᠤ ᠪᠦᠲᠦᠷᠢᠬᠦ ᠶᠢᠨ ᠰᠣᠷᠭᠠᠮᠵᠢ᠂ ᠪᠣᠰᠬᠤ ᠶᠢᠨ ᠵᠣᠷᠢᠭ ᠱᠠᠩᠨᠠᠭᠰᠠᠨ ᠲᠡᠷᠡ ᠬᠡᠰᠡᠭ ᠬᠦᠬᠡ ᠴᠢᠯᠠᠭᠤ ᠶᠢ ᠪᠢ ᠬᠠᠶᠢᠷᠠᠯᠠᠬᠤ ᠦᠭᠡᠢ ᠪᠠᠶᠢᠵᠣ ᠪᠣᠯᠣᠨ᠎ᠠ ᠤᠤ ᠳ᠋ᠠ᠃      ᠪᠣᠶᠠᠨᠲᠠᠢ ᠪᠣᠭᠤᠷᠣᠯ ᠲᠣᠮᠣᠭᠠᠲᠠᠳ ᠢᠶᠠᠨ ᠵᠠᠯᠭᠠᠵᠣ ᠪᠣᠩᠬᠤᠨ ᠡᠩᠭᠡᠷ ᠨᠣᠲᠤᠭ ᠲᠠᠭᠠᠨ ᠵᠢᠷᠭᠠᠵᠣ ᠭᠤᠨᠳᠠᠵᠣ ᠶᠠᠪᠣᠭᠰᠠᠨ ᠨᠠᠳᠠ ᠠᠳᠠᠯᠢ ᠣᠯᠠᠨ ᠮᠣᠩᠭᠤᠯ ᠬᠦᠦ ᠠᠭᠤᠯᠠᠨ ᠤ ᠪᠠᠨ ᠴᠢᠯᠠᠭᠤᠨ ᠳᠤ ᠡᠭᠡᠯᠢᠲᠡᠢ ᠶᠠᠪᠣᠳᠠᠭ ᠶᠣᠮ ᠪᠣᠯ ᠨᠣᠲᠤᠭ ᠤᠨ ᠮᠢᠨᠢ ᠠᠯᠠᠭᠠᠨ ᠬᠢᠷᠢ ᠭᠠᠵᠠᠷ ᠴᠦ ᠬᠦᠮᠦᠨ ᠤ ᠬᠠᠶᠢᠷ᠎ᠠ ᠦᠭᠡᠢ ᠦᠨᠦᠴᠢᠷᠡᠬᠦ ᠦᠭᠡᠢ ᠯᠡ ᠳ᠋ᠠ ᠬᠦᠭᠡᠷᠦᠬᠦᠢ︕ ᠪᠣᠩᠬᠤᠨ ᠠᠭᠤᠯᠠᠨ ᠤ ᠪᠠᠨ ᠪᠣᠲᠠ ᠪᠣᠷᠭᠠᠰᠣ ᠬᠤᠯᠣᠰᠣ ᠲᠠᠷᠠᠰᠣᠨ ᠳᠤᠨᠢ ᠬᠦᠷᠳᠡᠯ᠎ᠡ ᠬᠠᠶᠢᠷᠠᠲᠠᠢ ᠶᠠᠪᠣᠭᠰᠠᠨ ᠮᠢᠨᠦ ᠡᠪᠦᠭᠡ ᠰᠢᠭ ᠣᠬᠠᠭᠠᠨᠲᠣ ᠪᠣᠭᠤᠷᠣᠯ ᠠᠬᠠᠮᠠᠳ ᠤᠳ ᠮᠢᠨᠢ ᠲᠦᠷᠦᠭᠰᠡᠨ ᠨᠣᠲᠤᠭ ᠤᠨ ᠢᠶᠠᠨ ᠪᠣᠷᠣᠬᠠᠨ ᠬᠦᠷᠦᠰᠦᠨ ᠳᠤ ᠬᠠᠶᠢᠷ᠎ᠠ ᠪᠠᠷ ᠠᠭᠤᠰᠣᠨ ᠰᠢᠩᠭᠡᠬᠦ ᠳᠡᠭᠡᠨ ᠴᠢᠯᠠᠭᠤᠨ ᠳᠤ ᠬᠠᠶᠢᠷᠠᠲᠠᠢ ᠶᠠᠪᠣᠬᠤ ᠣᠶᠠᠨ ᠣᠬᠠᠭᠠᠨ ᠢ ᠬᠤᠶᠢᠴᠢᠰ ᠲᠠᠭᠠᠨ ᠦᠯᠡᠳᠡᠭᠡᠳᠡᠭ ᠨᠢ ᠲᠦᠮᠡᠨ ᠵᠦᠪ ᠠᠪᠠᠢ᠃      ᠪᠠᠭ᠎ᠠ ᠨᠠᠰᠣᠨ ᠤ ᠪᠠᠭᠤᠴᠠ ᠠᠴᠠ ᠪᠠᠨ ᠲᠡᠭᠦᠭᠰᠡᠨ ᠡᠨᠡ ᠵᠢᠵᠢᠭᠬᠡᠨ ᠬᠡᠰᠡᠭ ᠬᠦᠬᠡ ᠴᠢᠯᠠᠭᠤ ᠣᠲᠣᠭᠠᠲᠣ ᠪᠢᠴᠢᠬᠠᠨ ᠭᠡᠷ ᠤᠨ ᠮᠢᠨᠢ ᠬᠡᠷᠡᠮ ᠲᠡᠭᠡᠷ᠎ᠡ ᠲᠣᠭᠤᠶᠢᠬᠠᠨ ᠡᠯᠭᠦᠭᠳᠡᠵᠦ᠂ ᠦᠨᠳᠦᠷᠯᠢᠭ ᠤᠨ ᠨᠠᠷᠠ ᠰᠠᠯᠬᠢᠨ ᠳᠤ ᠬᠡᠴᠢᠨᠡᠬᠡᠨ ᠴᠦ ᠵᠢᠯ ᠪᠠᠶᠢᠪᠠ ᠳ᠋ᠠ ᠬᠡᠮᠡᠷ ᠡᠭᠡᠯ ᠭᠠᠩᠳᠠᠭᠤ ᠪᠣᠷᠣᠭᠵᠢᠭᠤᠨ ᠴᠡᠮᠴᠡᠭᠡᠷ ᠳᠦᠷᠢ ᠪᠠᠷ ᠢᠶᠠᠨ ᠨᠠᠳᠠ ᠬᠠᠨᠢ ᠪᠤᠯᠣᠭᠰᠠᠭᠠᠷ᠂ ᠨᠤᠳᠤᠭ ᠠᠴᠠ ᠪᠠᠨ ᠰᠠᠯᠤᠭᠰᠠᠨ ᠮᠢᠨᠤ ᠰᠡᠳᠬᠢᠯ ᠳᠤ ᠬᠦᠮᠦᠨ ᠪᠠᠶᠢᠭᠠᠯᠢ ᠬᠤᠶᠠᠷ ᠤᠨ ᠤᠶᠠᠬᠠᠨ ᠲᠠᠲᠠᠯᠳᠤᠯ ᠭᠦᠦᠷᠨᠢᠭᠰᠡᠭᠡᠷ ᠁      ᠪᠠᠷᠢᠵᠥ ᠦᠵᠡᠪᠡᠯ ᠬᠦᠢᠪ ᠬᠦᠢᠲᠡᠨ᠂ ᠬᠠᠪ ᠬᠠᠲᠠᠭᠤ ᠡᠨᠡ ᠴᠢᠯᠠᠭᠤᠨ ᠤ ᠳᠤᠲᠣᠷ᠎ᠠ ᠮᠠᠭᠮᠠ ᠰᠢᠭ᠋ ᠤᠷᠭᠢᠯᠥᠭ᠌ᠰᠠᠨ ᠬᠠᠯᠠᠭᠤᠨ ᠢᠯᠴᠢ ᠪᠠᠶᠢᠭ᠎ᠠ᠂ ᠡᠭᠦᠨ ᠢ ᠴᠢ ᠮᠡᠳᠡᠬᠦ ᠦᠭᠡᠢ᠃ ᠤᠴᠢᠷ ᠨᠢ ᠴᠢ ᠪᠤᠩᠬᠤᠨ ᠡᠩᠭᠡᠷ ᠤᠨ ᠬᠦᠥ ᠪᠢᠰᠢ ᠪᠤᠯᠬᠤᠷ ᠨᠤᠳᠤᠭ ᠤᠨ ᠮᠢᠨᠢ ᠴᠢᠯᠠᠭᠤᠨ ᠤ ᠢᠯᠴᠢ ᠶᠢ ᠮᠡᠳᠡᠷᠡᠵᠥ ᠲᠡᠶᠢᠯᠬᠦ ᠦᠭᠡᠢ᠃ ᠡᠨᠡ ᠴᠢᠯᠠᠭᠤ ᠶᠢ ᠬᠦᠯᠬᠦᠬᠦ ᠳᠤ ᠡᠵᠢ ᠶᠢᠨ ᠴᠠᠭᠠᠨ ᠰᠦ ᠠᠮᠳᠠᠭᠳᠠᠨ᠂ ᠠᠭᠢ ᠶᠢᠨ ᠰᠤᠳᠣᠨ ᠦᠨᠥᠷ ᠬᠠᠩᠬᠤᠯᠤᠨ᠂ ᠠᠪᠤ ᠶᠢᠨ ᠮᠢᠨᠢ ᠦᠬᠦᠭᠡᠷᠳᠡᠭᠰᠡᠨ ᠬᠠᠶᠢᠷ᠎ᠠ ᠡᠷᠬᠡ ᠦᠭᠡᠢ ᠰᠠᠨᠠᠭᠳᠠᠳᠠᠭ᠃ ᠡᠭᠦᠨ ᠢ ᠴᠢ ᠮᠡᠳᠡᠬᠦ ᠦᠭᠡᠢ᠃ ᠣᠴᠢᠷ ᠨᠢ ᠲᠠ ᠡᠨᠡ ᠴᠢᠯᠠᠭᠤᠨ ᠳᠤ ᠪᠦᠳᠦᠷᠢᠵᠥ᠂ ᠡᠨᠡ ᠴᠢᠯᠠᠭᠤ ᠶᠢ ᠲᠥᠰᠢᠵᠥ ᠬᠥᠯ ᠳᠤ ᠤᠷᠣᠭᠰᠠᠨ ᠦᠭᠡᠢ ᠪᠤᠯᠬᠤᠷ ᠮᠢᠨᠤ ᠨᠤᠳᠤᠭ ᠤᠨ ᠴᠢᠯᠠᠭᠤᠨ ᠤ ᠰᠡᠳᠬᠢᠯ ᠢ ᠤᠶᠢᠯᠠᠭᠠᠬᠤ ᠦᠭᠡᠢ ᠨᠢ ᠶᠠᠷᠢᠶᠠᠨ ᠦᠭᠡᠢ᠃ ᠵᠢᠪ ᠵᠢᠵᠢᠭᠬᠡᠨ ᠡᠨᠡ ᠴᠢᠯᠠᠭᠤ ᠶᠢ ᠴᠢᠮᠡᠭᠡ ᠦᠭᠡᠶᠢᠬᠡᠨ ᠬᠠᠷᠠᠭᠠᠳ ᠰᠠᠭᠤᠬᠤ ᠳᠤ ᠪᠤᠷᠤ ᠭᠦᠷᠦᠭᠡᠰᠦ ᠴᠠᠬᠢᠯᠠᠭᠰᠠᠨ᠂ ᠪᠣᠳᠠ ᠪᠤᠷᠭᠠᠰᠦ ᠨᠠᠶᠢᠭᠤᠭᠰᠠᠨ ᠦᠩᠭᠡᠷᠡᠭᠴᠢ ᠣᠨ ᠵᠢᠯ ᠤᠳ ᠤᠨ ᠪᠠᠶᠢᠭᠠᠯᠢ ᠶᠢᠨ ᠰᠠᠶᠢᠬᠠᠨ ᠠᠬᠤᠢ ᠪᠠ ᠬᠠᠭᠠᠰ ᠲᠠᠴᠢᠷᠳᠠᠨ ᠬᠠᠭᠠᠰ ᠡᠯᠡᠰᠦᠷᠬᠡᠭᠵᠢᠵᠥ᠂ ᠪᠤᠷᠤ ᠭᠦᠷᠦᠭᠡᠰᠦ ᠶᠢ ᠪᠤᠣ ᠬᠡᠯᠡ᠂ ᠪᠤᠲᠠᠨ ᠤ ᠲᠠᠤᠯᠠᠢ ᠴᠦ ᠴᠦᠭᠡᠷᠡᠭᠰᠡᠨ ᠦᠨᠤ ᠴᠠᠭ ᠤᠨ ᠬᠠᠷᠠᠮᠰᠠᠯ ᠮᠢᠨᠦ ᠨᠢᠳᠤᠨ ᠳᠤ᠂ ᠮᠢᠨᠤ ᠰᠡᠳᠬᠢᠯ ᠳᠤ ᠨᠢᠯᠪᠤᠰᠤᠨ ᠵᠠᠶᠢᠷ ᠲᠠᠢ ᠲᠤᠨᠤᠷᠠᠵᠥ ᠢᠷᠡᠳᠡᠭ ᠢ ᠴᠦ ᠲᠠ ᠮᠡᠳᠡᠬᠦ ᠦᠭᠡᠢ᠃ ᠣᠴᠢᠷ ᠨᠢ᠂ ᠪᠠᠶᠢᠭᠠᠯᠢ ᠠᠬᠤᠢ ᠲᠠᠢ ᠪᠠᠨ ᠢᠳᠡᠭᠡᠰᠢᠨ ᠳᠠᠰᠴᠦ᠂ ᠵᠢᠷᠦᠬᠡᠨ ᠰᠤᠳᠠᠰᠦ ᠪᠠᠷ ᠢᠶᠠᠨ ᠬᠤᠯᠪᠣᠭ᠎ᠠ ᠲᠠᠢ ᠶᠠᠪᠤᠳᠠᠭ ᠡᠨᠡ ᠨᠤᠳᠤᠭ ᠤᠨ ᠬᠦᠥ ᠪᠢᠰᠢ ᠪᠤᠯ ᠡᠨᠡ ᠴᠢᠯᠠᠭᠤ ᠶᠢ ᠬᠠᠶᠢᠷᠠᠯᠠᠵᠥ ᠶᠠᠪᠤᠳᠠᠭ ᠮᠢᠨᠤ ᠰᠡᠳᠬᠢᠯ ᠢ ᠤᠶᠢᠯᠠᠭᠠᠬᠤ ᠦᠭᠡᠢ ᠴᠢᠨᠢ ᠵᠥᠪ ᠯᠠ ᠳ᠋ᠠ᠃     ᠬᠠᠶᠠ ᠪᠢ ᠨᠤᠳᠤᠭ ᠤᠨ ᠴᠢᠯᠠᠭᠤ ᠲᠠᠢ ᠪᠠᠨ ᠶᠠᠷᠢᠯᠴᠠᠵᠥ ᠰᠠᠭᠤᠳᠠᠭ᠄— ᠨᠤᠳᠤᠭ ᠤᠨ ᠮᠢᠨᠢ ᠴᠢᠯᠠᠭᠤ ᠡ᠂ ᠪᠢ ᠴᠢᠮᠠᠶᠢ ᠪᠠᠨ ᠠᠭᠤᠯᠠᠨ ᠠᠴᠠ ᠴᠢᠨᠢ ᠰᠠᠯᠭᠠᠵᠥ᠂ ᠬᠠᠷᠢ ᠶᠢᠨ ᠭᠠᠵᠠᠷ ᠦᠨᠦᠴᠢᠷᠡᠭᠦᠯᠴᠢᠬᠡᠪᠡ ᠦᠦ ᠳ᠋ᠠ︖— ᠦᠭᠡᠢ ᠡ᠂ ᠦᠭᠡᠢ᠃ ᠨᠤᠳᠤᠭ ᠲᠠᠭᠠᠨ ᠬᠠᠶᠢᠷᠠᠲᠠᠢ᠂ ᠨᠠᠳᠠ ᠬᠠᠶᠢᠷᠠᠲᠠᠢ ᠪᠤᠩᠬᠤᠨ ᠡᠩᠭᠡᠷ ᠤᠨ ᠬᠦᠪᠡᠭᠦᠨ ᠴᠢᠮ᠎ᠠ ᠲᠠᠢ ᠴᠤᠭ ᠪᠠᠶᠢᠬᠤ ᠳᠠᠭᠠᠨ ᠠᠭᠤᠯᠠᠨ ᠳᠠᠭᠠᠨ ᠪᠠᠶᠢᠬᠤ ᠰᠢᠭ᠋ ᠬᠠᠨᠢ ᠲᠠᠢ ᠰᠠᠨᠠᠭᠳᠠᠨ᠎ᠠ᠃ ᠡᠵᠡᠨ ᠨᠤᠳᠤᠭ ᠬᠤᠶᠠᠷ ᠠᠮᠢᠨ ᠬᠤᠯᠪᠤᠭ᠎ᠠ ᠲᠠᠢ ᠭᠡᠳᠡᠭ ᠤᠨ ᠤᠴᠢᠷ ᠡᠨᠡ ᠳ᠋ᠠ᠃— ᠲᠠ ᠪᠤᠩᠬᠤᠨ ᠡᠩᠭᠡᠷ ᠢᠶᠠᠨ ᠰᠠᠨᠠᠳᠠᠭ ᠦᠦ︖— ᠰᠠᠨᠠᠨ᠎ᠠ ᠰᠢᠦ᠂ ᠬᠦᠥ ᠮᠢᠨᠢ᠃ ᠠᠭᠢ ᠰᠢᠷᠠᠯᠵᠢ ᠦᠨᠦᠷᠲᠦᠭᠰᠡᠨ᠂ ᠪᠦᠪᠡᠭᠡᠯᠵᠢ ᠰᠢᠪᠠᠭᠤ ᠳᠣᠩᠭᠤᠳᠤᠭᠰᠠᠨ ᠲᠡᠷᠡ ᠨᠠᠮᠬᠠᠨ ᠪᠣᠷᠤ ᠠᠭᠤᠯᠠ ᠨᠠᠳᠠ ᠲᠠᠢ ᠵᠢᠷᠦᠭᠡᠨ ᠬᠤᠯᠪᠤᠭ᠎ᠠ ᠲᠠᠢ ᠶᠤᠮ ᠡ᠃ ᠴᠢ ᠡᠵᠢ ᠪᠠᠨ ᠰᠠᠨᠠᠳᠠᠭ ᠲᠠᠢ ᠠᠳᠠᠯᠢ ᠪᠢ ᠪᠠᠰᠠ ᠠᠭᠤᠯᠠ ᠪᠠᠨ ᠦᠭᠡᠶᠢᠯᠡᠨ᠎ᠡ ᠰᠢᠦ ᠁— ᠲᠠ ᠠᠷᠪᠢᠨ ᠵᠦᠢᠯ ᠢ ᠮᠦᠷᠦᠭᠡᠳᠳᠡᠭ ᠤᠤ︖— ᠲᠡᠶᠢᠮᠦ ᠡ᠂ ᠬᠦᠦ ᠮᠢᠨᠢ᠂ ᠦᠩᠭᠡᠷᠡᠨ ᠤᠳᠤᠭᠰᠠᠨ ᠡᠳᠦᠷ ᠰᠠᠷ᠎ᠠ ᠨᠤᠭᠤᠳ ᠢ ᠳᠤᠭᠠᠯᠠᠪᠠᠯ ᠳᠤᠩ ᠤᠷᠳᠤ ᠪᠤᠯᠴᠢᠬᠠᠵᠠᠢ᠃ ᠲᠡᠷᠡ ᠦᠶ᠎ᠡ ᠶᠢᠨ ᠬᠦᠮᠦᠰ ᠪᠠᠶᠢᠭᠠᠯᠢ ᠳᠠᠭᠠᠨ ᠬᠠᠶᠢᠷᠠᠳᠠᠢ᠂ ᠴᠢᠯᠠᠭᠤᠨ ᠳᠤ ᠬᠠᠶᠢᠷᠠᠳᠠᠢ ᠪᠠᠶᠢᠭᠰᠠᠨ ᠶᠤᠮ ᠡ ᠁ ᠦᠨᠦ ᠪᠤᠯᠬᠤ ᠳᠤ ᠤᠷᠬᠢᠯ ᠢᠶᠠᠨ ᠪᠠᠷᠠᠳᠠᠨ ᠨᠢᠰᠳᠡᠭ ᠪᠠᠶᠢᠭᠰᠠᠨ ᠲᠡᠷᠡ ᠬᠦᠷᠡᠩ ᠪᠦᠷᠬᠦᠳ ᠴᠣ᠋ ᠦᠭᠡᠢ ᠪᠤᠯᠴᠢᠬᠠᠭᠰᠠᠨ᠂ ᠪᠤᠩᠬᠤᠨ ᠡᠩᠭᠡᠷ ᠮᠢᠨᠢ ᠪᠤᠳᠠᠨ ᠳᠠᠭᠠᠨ ᠡᠯᠡᠰᠦ ᠨᠦᠮᠦᠭᠡᠯᠡᠭᠡᠳ ᠁ ᠴᠢᠮ᠎ᠠ ᠰᠢᠭ᠋ ᠨᠤᠳᠤᠭ ᠲᠠᠭᠠᠨ ᠬᠠᠶᠢᠷᠠᠳᠠᠢ ᠬᠦᠮᠦᠨ ᠢ ᠠᠭᠤᠯᠠᠨ ᠤ ᠴᠢᠨᠢ ᠴᠢᠯᠠᠭᠤᠳ ᠶᠡᠭᠡ ᠦᠬᠡᠶᠢᠯᠡᠳᠡᠭ ᠶᠤᠮ ᠡ᠃— ᠲᠡᠷᠡ ᠬᠦᠷᠡᠩ ᠪᠦᠷᠬᠦᠳ ᠶᠠᠭᠠᠬᠢᠴᠢᠬᠠᠭᠰᠠᠨ ᠶᠤᠮ ᠪᠤᠢ︖ ᠦᠬᠦᠴᠢᠭᠡᠭᠰᠡᠨ ᠶᠤᠮ ᠤᠤ︖— ᠦᠭᠡᠢ᠂ ᠲᠡᠷᠡ ᠦᠬᠦᠭᠡ ᠦᠭᠡᠢ︕ ᠠᠭᠤᠯᠠ ᠪᠠᠨ ᠦᠮᠦᠭᠡᠷᠡᠵᠦ᠂ ᠬᠠᠳᠠ ᠬᠢᠰᠠᠭᠠᠨ ᠳᠠᠬᠢ ᠡᠬᠦᠷ ᠢᠶᠠᠨ ᠦᠮᠦᠭᠡᠷᠡᠵᠦ᠂ ᠮᠦᠨ ᠴᠣ᠋ ᠠᠭᠤᠯᠠᠨ ᠳᠠᠭᠠᠨ ᠳᠠᠩᠴᠤ ᠬᠠᠶᠢᠷᠠᠳᠠᠢ ᠶᠢᠨ ᠤᠯᠠᠮ ᠢᠶᠠᠷ ᠠᠭᠤᠯᠠᠨ ᠳᠠᠭᠠᠨ ᠰᠢᠩᠭᠡᠴᠢᠭᠡᠭᠰᠡᠨ ᠶᠤᠮ᠃ ᠲᠡᠷ᠎ᠡ ᠪᠦᠷᠬᠦᠳ ᠪᠤᠩᠬᠤᠨ ᠠᠭᠤᠯᠠ ᠶᠢᠨ ᠴᠢᠨᠢ ᠡᠪᠦᠷ ᠲᠤ ᠪᠠᠶᠢᠭ᠎ᠠ ᠰᠢᠦ ᠳ᠋ᠠ᠂ ᠬᠡᠶ᠎ᠡ ᠨᠤᠳᠤᠭ ᠲᠠᠭᠠᠨ ᠬᠠᠶᠢᠷ᠎ᠠ ᠦᠭᠡᠢ ᠬᠦᠮᠦᠨ ᠲᠡᠷᠡ ᠪᠦᠷᠬᠦᠳ ᠢ ᠦᠬᠦᠴᠢᠭᠡᠭᠰᠡᠨ ᠭᠡᠳᠡᠭ ᠶᠤᠮ ᠡ᠃— ᠲᠠ ᠤᠬᠢᠯᠠᠵᠤ ᠦᠩᠭᠡᠷᠡᠪᠡ ᠤᠤ︖— ᠦᠩᠭᠡᠷᠡᠭᠰᠡᠨ ᠡ᠂ ᠪᠤᠩᠬᠤᠨ ᠡᠩᠭᠡᠷ ᠲᠤ ᠬᠦᠮᠦᠨ ᠪᠤᠯᠤᠭᠰᠠᠨ ᠦᠷᠡᠰ ᠮᠢᠨᠢ ᠨᠠᠮᠠᠶᠢ ᠮᠠᠷᠳᠠᠬᠤ ᠪᠠᠷ ᠨᠢᠭᠡ ᠤᠬᠢᠯᠠᠳᠠᠭ᠂ ᠰᠠᠨᠠᠬᠤ ᠦᠶ᠎ᠡ ᠳᠤ ᠪᠠᠰᠠ ᠨᠢᠭᠡ ᠤᠬᠢᠯᠠᠳᠠᠭ ᠶᠤᠮ ᠰᠢᠦ ᠪᠢ ᠁ᠦᠩᠬᠡᠪᠴᠢᠭᠡᠨ ᠬᠤᠷᠸ᠎ᠠ ᠶᠢᠨ ᠨᠠᠷᠠ ᠰᠠᠯᠬᠢᠨ ᠬᠤᠶᠠᠷ ᠲᠤ ᠪᠦᠪᠠᠶᠢᠯᠡᠭᠳᠡᠵᠦ᠂ ᠬᠠᠯᠠ ᠬᠠᠶᠢᠷ᠎ᠠ ᠬᠤᠶᠠᠷ ᠢᠶᠠᠷ ᠴᠤᠭᠴᠠᠵᠢᠭᠰᠠᠨ ᠨᠤᠳᠤᠭ ᠤᠨ ᠮᠢᠨᠢ ᠬᠦᠭᠡ ᠴᠢᠯᠠᠭᠤ ᠴᠢ ᠲᠦᠷᠦᠭᠰᠡᠨ ᠨᠤᠳᠤᠭ ᠲᠠᠭᠠᠨ ᠬᠠᠶᠢᠷᠠᠳᠠᠢ ᠶᠠᠪᠤᠬᠤ ᠶᠢᠨ ᠮᠦᠩᠭᠡ ᠶᠢᠨ ᠤᠬᠠᠭᠠᠨ ᠢ ᠨᠠᠳᠠ ᠰᠢᠪᠡᠨᠡᠭᠰᠡᠨ ᠡᠷᠳᠡ ᠭᠠᠯᠪᠠ ᠶᠢᠨ ᠪᠤᠭᠤᠷᠤᠯ ᠳᠤᠮᠤᠭ ᠤᠤ ᠳ᠋ᠠ᠃ ᠬᠦᠮᠦᠨ ᠪᠠᠶᠢᠭᠠᠯᠢ ᠬᠤᠶᠠᠷ ᠤᠨ ᠢᠳᠡᠭᠡᠰᠢᠭ ᠳᠠᠰᠤᠯᠴᠠᠯ ᠲᠠᠢ ᠪᠠᠶᠢᠭᠰᠠᠨ ᠦᠴᠦᠭᠡᠳᠦᠷ ᠤᠨ ᠵᠠᠢ ᠶᠢ ᠳᠤᠭᠤᠯᠵᠤ᠂ ᠠᠬᠤᠢ ᠪᠠᠶᠢᠭᠠᠯᠢ ᠳᠠᠭᠠᠨ ᠤᠰᠤᠯᠳᠠᠭᠰᠠᠨ ᠬᠦᠮᠦᠨ ᠨᠡᠶᠢᠬᠡᠮ ᠤᠨ ᠦᠨᠦᠳᠦᠷ ᠢ ᠦᠵᠡᠵᠦ᠂ ᠮᠠᠷᠭᠠᠰᠢ ᠵᠦᠭ ᠪᠠᠷᠠᠯᠠᠨ ᠪᠠᠶᠢᠭ᠎ᠠ ᠨᠤᠳᠤᠭ ᠤᠨ ᠮᠢᠨᠢ ᠴᠢᠯᠠᠭᠤ ᠴᠢ ᠭᠤᠮᠤᠳᠠᠨ ᠤᠬᠢᠯᠠᠵᠤ ᠳᠤᠭᠳᠤᠯᠤᠨ ᠪᠠᠶᠠᠰᠴᠤ᠂ ᠬᠠᠯᠠᠭᠤᠨ ᠳᠤ ᠬᠠᠯᠠᠵᠦ᠂ ᠬᠦᠢᠲᠡᠨ ᠳᠤ ᠬᠦᠷᠦᠵᠦ᠂ ᠣᠯᠠᠨ ᠣᠯᠠᠨ ᠬᠦᠮᠦᠨ ᠳᠤ ᠬᠠᠶᠢᠷᠠᠯᠠᠭᠳᠠᠵᠦ᠂ ᠣᠯᠠᠨ ᠣᠯᠠᠨ ᠬᠦᠮᠦᠨ ᠳᠤ ᠮᠠᠷᠳᠠᠭᠳᠠᠵᠦ ᠶᠠᠪᠤᠬᠤ ᠳᠠᠭᠠᠨ ᠲᠦᠷᠦᠭᠰᠡᠨ ᠦᠷ᠎ᠡ ᠨᠢ ᠨᠤᠲᠤᠭ ᠲᠠᠭᠠᠨ ᠬᠠᠶᠢᠷᠠᠲᠠᠢ ᠪᠠᠶᠢᠬᠤ ᠶᠠᠰᠤᠯᠢᠭ ᠣᠬᠠᠭᠠᠨ ᠢ ᠬᠤᠭᠤᠷ ᠤᠨ ᠮᠢᠩᠭᠠᠨ ᠡᠭᠡᠰᠢᠭ ᠢᠶᠠᠷ ᠵᠢᠷᠦᠬᠡᠨ ᠳᠤ ᠮᠢᠨᠢ ᠰᠢᠪᠡᠨᠡᠭᠰᠡᠨ ᠪᠠᠶᠢᠵᠠᠢ ᠳ᠋ᠠ᠃      ᠡᠭᠡᠯ ᠪᠤᠷᠤᠭᠵᠢᠭᠤᠨ ᠡᠨᠡ ᠴᠢᠯᠠᠭᠤ ᠰᠢᠭ᠋ ᠪᠣᠩᠬᠤᠨ ᠡᠩᠬᠡᠷ ᠤᠨ ᠮᠢᠨᠢ ᠤᠯᠠᠨ ᠤᠯᠠᠨ ᠬᠠᠭᠠᠨ ᠴᠢᠯᠠᠭᠤᠳ ᠲᠤ᠂ ᠲᠡᠷᠡ ᠨᠤᠲᠤᠭ ᠲᠤ ᠬᠦᠮᠦᠨ ᠪᠤᠯᠵᠦ ᠬᠦᠵᠦᠭᠦᠦ ᠲᠤᠯᠤᠭᠠᠢ ᠳᠡᠭᠦᠵᠢᠯᠡᠵᠦ ᠶᠠᠪᠤᠭᠰᠠᠨ ᠪᠤᠯᠭᠠᠨ ᠬᠠᠶᠢᠷᠠᠲᠠᠢ ᠪᠠᠶᠢᠳᠠᠭ ᠶᠣᠮ ᠪᠤᠯ᠂ ᠵᠢᠷᠦᠬᠡ ᠰᠡᠳᠬᠢᠯ ᠢᠶᠠᠷ ᠢᠶᠠᠨ ᠨᠤᠲᠤᠭ ᠤᠨ ᠴᠢᠯᠠᠭᠤᠨ ᠤ ᠪᠠᠨ ᠭᠤᠮᠤᠳᠠᠯ ᠪᠠᠶᠠᠰᠤᠯ ᠬᠤᠶᠠᠷ ᠢ ᠣᠶᠢᠯᠠᠭᠠᠵᠦ ᠴᠢᠳᠠᠳᠠᠭ ᠶᠤᠮ ᠪᠤᠯ ᠡᠯᠢᠭᠡ ᠪᠦᠲᠦᠨ ᠲᠡᠷᠡ ᠰᠠᠶᠢᠬᠠᠨ ᠪᠠᠶᠢᠭᠠᠯᠢ ᠪᠢᠳᠡᠨ ᠳᠤ ᠦᠭᠬᠢᠶᠡᠮᠦᠷ ᠬᠠᠶᠢᠷ᠎ᠠ ᠶᠢᠨ ᠶᠠᠭᠤ ᠪᠦᠬᠦᠨ ᠢᠶᠠᠨ ᠦᠭᠭᠦᠨ᠎ᠡ ᠰᠢᠦ ᠳ᠋ᠠ᠃ᠬᠦᠭᠡᠷᠦᠬᠦᠢ᠂ ᠨᠠᠮᠠᠶᠢ ᠳᠠᠭᠠᠵᠦ ᠠᠯᠤᠰ ᠬᠠᠷᠢ ᠶᠢᠨ ᠭᠠᠵᠠᠷ ᠶᠠᠪᠤᠬᠤ ᠳᠠᠭᠠᠨ ᠡᠬᠡ ᠨᠤᠲᠤᠭ ᠢᠶᠠᠨ ᠬᠠᠶᠢᠷᠠᠯᠠᠬᠤ᠂ ᠤᠤᠭᠤᠭᠰᠠᠨ ᠤᠰᠤ ᠪᠠᠨ ᠰᠠᠨᠠᠬᠤ ᠶᠢᠨ ᠲᠡᠷᠡ ᠵᠢᠮ᠎ᠡ ᠶᠢ ᠰᠢᠪᠡᠨᠡᠵᠦ ᠦᠭᠭᠦᠭᠰᠡᠨ ᠪᠤᠩᠬᠤᠨ ᠡᠩᠬᠡᠷ ᠤᠨ ᠮᠢᠨᠢ ᠵᠢᠵᠢᠭᠬᠡᠨ ᠬᠥᠬᠡ ᠴᠢᠯᠠᠭᠤ ᠴᠢ ᠬᠠᠶᠢᠷ᠎ᠠ ᠶᠢᠨ ᠲᠤᠤᠯᠢ ᠬᠠᠶᠢᠯᠠᠭᠰᠠᠨ ᠨᠤᠲᠤᠭ ᠤᠨ ᠪᠣᠷᠣᠬᠠᠨ ᠵᠢᠷᠦᠬᠡ ᠤᠤ ᠳ᠋ᠠ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2