︽ᠡᠵᠢ ᠡ︕ ᠴᠢᠳᠬᠦᠷ ᠬᠠᠮᠢᠭ᠎ᠠ ᠪᠠᠶᠢᠬᠤ ᠪᠤᠢ︖︾ ᠭᠡᠵᠦ ᠭᠡᠦᠭᠡᠳ ᠪᠠᠶᠢᠬᠤ ᠳᠠᠭᠠᠨ ᠪᠢ ᠪᠠᠶᠢᠨ | ᠲᠠᠬᠢᠨ ᠠᠰᠠᠭᠤᠳᠠᠭ ᠪᠠᠶᠢᠵᠠᠢ᠃ ᠲᠡᠭᠡᠬᠦ ᠳᠤ᠂ ᠡᠵᠢ ᠮᠢᠨᠢ᠄ ︽ᠭᠡᠨ ᠮᠡᠳᠡᠬᠦ ᠶᠤᠮ ᠪᠤᠢ᠂ ᠦᠬᠢᠡ ᠮᠢᠨᠢ︕ | ᠬᠠᠭᠤᠴᠢᠨ ᠴᠠᠭ ᠤᠨ ᠬᠦᠮᠦᠨ ᠲᠤᠷ᠎ᠠ ᠪᠠᠷ ᠢᠶᠠᠨ ᠨᠢᠭᠡ ᠶᠠᠭᠤᠮ᠎ᠠ ᠭᠡᠯᠡᠭᠡᠳ ᠪᠠᠶᠢᠨ᠎ᠠ᠃ ᠬᠠᠮᠢᠭ᠎ᠠ ᠪᠠᠶᠢᠬᠤ ᠴᠢᠳᠬᠦᠷ | ᠶᠤᠮ ᠪᠤᠢ︖ ᠴᠢᠳᠬᠦᠷ ᠦᠭᠡᠢ︾ ᠭᠡᠵᠦ ᠬᠠᠴᠢᠷᠬᠠᠳᠠᠭ᠃ | ᠭᠡᠪᠡᠴᠦ ᠭᠡᠦᠭᠡᠳ ᠪᠠᠯᠴᠢᠷ ᠨᠠᠰᠤᠨ ᠤ ᠲᠡᠳᠡᠭᠡᠷ ᠡᠳᠦᠷ ᠬᠤᠨᠤᠭ ᠲᠤ ᠤᠷᠤᠢ ᠪᠦᠷᠦᠢ ᠭᠠᠳᠠᠨ᠎ᠠ ᠶᠠᠪᠤᠬᠤ ᠳᠤ | ᠂ ᠡᠮᠦᠨ᠎ᠡ ᠲᠠᠯ᠎ᠠ ᠳᠤ ᠬᠡᠨᠡᠳᠳᠡ ᠦᠨᠳᠦᠷ ᠬᠠᠷ᠎ᠠ ᠴᠢᠳᠬᠦᠷ ᠬᠠᠷᠠᠯᠠᠭᠠᠳ ᠢᠷᠡᠬᠦ ᠰᠢᠭ᠂ ᠡᠰᠡᠪᠡᠯ ᠲᠤᠩ ᠴᠠᠭᠠᠨ | ᠴᠢᠳᠬᠦᠷ ᠴᠠᠶᠢᠯᠵᠠᠭᠠᠳ ᠪᠤᠰᠬᠤ ᠰᠢᠭ᠋᠂ ᠠᠷᠤ ᠠᠴᠠ ᠨᠢᠭᠡᠯᠡ ᠪᠦᠳᠦᠬᠦᠨ ᠶᠠᠭᠤᠮ᠎ᠠ ᠨᠡᠳᠦᠰ ᠨᠡᠳᠦᠰ ᠲᠠᠭᠠᠵᠤ | ᠪᠠᠶᠢᠬᠤ ᠴᠤ ᠰᠢᠭ᠋ ᠰᠠᠨᠠᠭᠳᠠᠬᠤ ᠪᠤᠯᠬᠤ ᠪᠠᠷ ᠬᠠᠰᠢᠯᠡ ᠠᠷᠭ᠎ᠠ ᠦᠭᠡᠢ᠂ ᠡᠵᠢ ᠠᠴᠠ ᠪᠠᠨ ᠪᠠᠰᠠ ᠲᠡᠬᠢᠭᠠᠳ ᠯᠡ᠄ ︽ | ᠡᠵᠢ ᠡ᠂ ᠴᠢᠳᠬᠦᠷ ᠦᠨᠡᠭᠡᠷ ᠦᠭᠡᠢ ᠤᠤ︖︾ ᠭᠡᠵᠦ ᠤᠬᠤᠴᠢᠯᠠᠨᠠ᠃ | ︽ᠴᠢᠳᠬᠦᠷ ᠭᠡᠳᠡᠭ ᠢ ᠪᠠᠶᠢᠨ᠎ᠠ ᠭᠡᠵᠦ ᠪᠤᠳᠤᠪᠠᠯ ᠪᠠᠶᠢᠨ᠎ᠠ᠃ ᠦᠭᠡᠢ ᠭᠡᠵᠦ ᠪᠤᠳᠤᠪᠠᠯ ᠦᠭᠡᠢ︕︾ ᠭᠡᠵᠦ | ᠰᠡᠬᠦᠯ ᠤᠨ ᠦᠶ᠎ᠡ ᠳᠤ ᠡᠵᠢ ᠶᠢᠨ ᠭᠡᠯᠡᠭᠰᠡᠨ ᠢ ᠬᠠᠷᠢᠨ ᠲᠠᠩᠴᠢ ᠤᠶᠢᠯᠠᠭᠠᠵᠤ ᠶᠠᠳᠠᠨ ︽ᠶᠠᠭᠤ ᠴᠤ ᠭᠡᠰᠡᠨ ᠦᠭᠡ | ᠶᠤᠮ ᠪᠤᠢ︖ ︿ᠦᠭᠡᠢ ᠭᠡᠵᠦ ᠪᠤᠳᠤᠪᠠᠯ ᠦᠭᠡᠢ᠂ ᠪᠠᠶᠢᠨ᠎ᠠ ᠭᠡᠵᠦ ᠪᠤᠳᠤᠪᠠᠯ ᠪᠠᠶᠢᠨ᠎ᠠ﹀ ᠡ︖︾ ᠭᠡᠵᠦ ᠮᠠᠰᠢ | ᠰᠤᠨᠢᠭᠤᠴᠢᠯᠠᠵᠦ ᠰᠡᠳᠬᠢᠭᠰᠡᠨ ᠢᠶᠠᠨ ︽ᠪᠢᠰᠢ᠂ ᠪᠢᠰᠢ᠃ ᠴᠢᠳᠬᠦᠷ ᠪᠠᠶᠢᠨ᠎ᠠ᠃ ᠬᠠᠷᠠᠩᠭᠤᠢ ᠭᠠᠵᠠᠷ ᠪᠠᠶᠢᠨ᠎ᠠ ᠡ︕ | ︾ ᠭᠡᠵᠦ ᠢᠳᠡᠭᠡᠨ ᠠᠶᠤᠵᠤ ᠡᠮᠢᠶᠡᠵᠦ ᠶᠠᠪᠤᠵᠠᠢ᠃ ᠠᠢ ᠳ᠋ᠠ᠂ ᠦᠨᠦ ᠪᠤᠳᠤᠬᠤ ᠳᠤ ᠲᠡᠷᠡ ᠬᠦ ᠴᠠᠭ ᠦᠶ᠎ᠡ ᠮᠢᠨᠢ | ᠨᠢᠭᠡᠨᠳᠡ ᠭᠤᠴᠢᠨ ᠭᠡᠳᠦᠨ ᠵᠢᠯ ᠤᠨ ᠡᠮᠦᠨᠡᠬᠢ ᠭᠡᠷᠡᠭ ᠪᠤᠯᠴᠢᠬᠠᠨ᠎ᠠ ᠭᠡᠵᠢ᠂ ᠠᠮᠢᠳᠤᠷᠠᠯ ᠤᠨ ᠲᠡᠷᠡ ᠡᠯᠠᠷ ᠪᠠᠯᠠᠷ | ᠨᠢᠯᠬᠠᠰᠠᠭ ᠤᠨ ᠰᠠᠷ᠎ᠠ ᠮᠢᠨᠢ ᠰᠡᠷᠡᠭᠰᠡᠨ ᠦᠭᠡᠢ ᠬᠤᠷᠳᠤᠨ ᠴᠤ ᠦᠩᠭᠡᠷᠡᠵᠡᠢ ᠳ᠋ᠠ᠃ | ᠨᠠᠮ᠎ᠠ ᠶᠢ ᠠᠷᠪᠠᠨ ᠲᠦᠷᠪᠡᠳᠡᠢ ᠲᠡᠷᠡ ᠵᠢᠯ ᠮᠠᠨ ᠤ ᠠᠶᠢᠯ ᠤᠰᠤᠨ ᠤ ᠬᠢᠨ ᠬᠤᠷᠢᠶᠠᠯᠳᠠ ᠶᠢ ᠡᠷᠦᠭᠡ ᠳᠤ | ᠲᠠᠭᠠᠭᠠᠴᠢᠯᠠᠭᠤᠯᠵᠠᠢ᠃ ᠲᠡᠷᠡ ᠵᠢᠯ ᠤᠨ ᠡᠪᠤᠯ ᠮᠠᠨ ᠤ ᠪᠠᠷᠠᠭᠤᠨ ᠭᠡᠷ ᠤᠨ ᠪᠠᠭᠠᠳᠤᠷ ᠠᠪᠠᠭ᠎ᠠ ᠮᠦᠷᠦᠢ ᠲᠠᠢ | ᠨᠠᠭᠠᠳᠤᠮ ᠳᠤ ᠤᠷᠤᠭᠠᠳ ᠵᠢᠯ ᠤᠨ ᠤᠷᠤᠯᠭ᠎ᠠ ᠶᠢᠨ ᠢᠶᠠᠨ ᠲᠡᠭᠡᠷ᠎ᠡ ᠪᠠᠰᠠ ᠪᠦᠳᠦᠬᠦᠨ ᠬᠤᠶᠠᠷ ᠦᠭᠡᠷ ᠱᠦᠬᠦᠭᠳᠡᠵᠡᠢ᠃ | ᠨᠢᠭᠡ ᠡᠳᠦᠷ ᠪᠠᠷᠠᠭᠤᠨ ᠭᠡᠷ ᠤᠨ ᠠᠪᠠᠭ᠎ᠠ ᠡᠵᠢ ᠮᠠᠨ ᠤ ᠳᠤ ᠢᠷᠡᠭᠡᠳ᠂ ᠡᠵᠢ ᠲᠠᠢ ᠬᠤᠶᠠᠭᠤᠯᠠ ᠬᠠᠨᠵᠦ ᠢᠷᠮᠡᠭᠳᠡᠨ | ᠰᠠᠭᠤᠭᠠᠳ ᠶᠠᠷᠢᠯᠴᠠᠬᠤ ᠶᠢᠨ ᠲᠠᠭᠠᠤ ᠠᠪᠠᠭ᠎ᠠ ᠡᠵᠢ ᠤᠬᠢᠯᠠᠴᠢᠬᠠᠭᠰᠠᠨ ᠬᠠᠨᠴᠤᠢ ᠪᠠᠷ ᠢᠶᠠᠨ ᠨᠢᠯᠪᠤᠰᠤ ᠪᠠᠨ | ᠵᠦᠯᠬᠦᠵᠦ ᠪᠠᠶᠢᠪᠠ᠃ ᠲᠡᠭᠡᠬᠦ ᠳᠤ᠂ ᠡᠵᠢ ᠦᠭᠡᠳᠡ ᠠᠴᠠ ᠨᠢ᠄ | ︽ᠭᠡᠨ ᠡ᠂ ᠴᠡᠴᠡᠭ ᠡ᠃ ᠤᠳᠤ ᠲᠡᠭᠡᠭᠡᠳ ᠤᠬᠢᠯᠠᠵᠤ ᠵᠤᠪᠠᠭᠠᠳ ᠶᠠᠮᠠᠷ ᠭᠡᠷᠡᠭ ᠲᠠᠢ ᠳ᠋ᠠ᠃ | ᠨᠠᠭᠠᠳᠤᠮ ᠳᠤ ᠴᠢᠳᠬᠦᠷ ᠲᠠᠢ ᠭᠡᠳᠡᠭ ᠲᠠᠭᠠᠷᠠᠬᠤ ᠴᠤ ᠶᠤᠮ ᠤᠤ᠂ ᠰᠠᠶᠢᠨ ᠢᠳᠬᠠᠨ ᠭᠡᠯᠡᠵᠦ ᠪᠠᠶᠢᠭᠠᠳ ᠲᠠᠬᠢᠵᠤ | ᠪᠤᠤ ᠨᠠᠭᠠᠳᠤᠭᠤᠯ ᠁︾ ᠭᠡᠵᠦ ᠨᠢᠭᠡ ᠤᠯᠠᠨ ᠢ ᠶᠠᠷᠢᠵᠤ ᠪᠠᠶᠢᠬᠤ ᠳᠤ ᠨᠢ ᠪᠢ ᠮᠡᠯ ᠭᠠᠶᠢᠬᠠᠵᠤ ᠦᠭᠡ ᠲᠠᠭᠤ | ᠦᠭᠡᠢ ᠬᠠᠵᠠᠭᠤ ᠲᠠᠯ᠎ᠠ ᠳᠤ ᠨᠢ ᠰᠠᠭᠤᠵᠤ ᠰᠤᠨᠤᠰᠤᠭᠰᠠᠨ ᠶᠤᠮ᠃ ︽ᠭᠡᠦᠭᠡᠳ ᠲᠤᠮᠤ ᠬᠦᠮᠦᠨ ᠤ ᠦᠭᠡ ᠶᠢᠨ | ᠵᠠᠪᠰᠠᠷ ᠤᠷᠤᠳᠠᠭ ᠦᠭᠡᠢ ᠶᠤᠮ ᠰᠢᠤ︕︾ ᠭᠡᠵᠦ ᠡᠵᠢ ᠠᠪᠤ ᠲᠠᠩᠳᠠ ᠰᠤᠷᠭᠠᠳᠠᠭ ᠪᠤᠯᠬᠤᠷ᠂ ᠠᠪᠠᠭ᠎ᠠ ᠡᠵᠢ ᠶᠢ | ᠶᠠᠪᠤᠭᠰᠠᠨ ᠬᠤᠶᠢᠨ᠎ᠠ ᠪᠢ ᠰᠠᠶ᠋ᠢ ᠡᠵᠢ ᠳᠤ᠄ ︽ᠡᠮᠧ ᠡ︕ ᠪᠢ ᠪᠤᠳᠤᠪᠠᠯ ᠴᠢᠳᠬᠦᠷ ᠬᠠᠷᠠᠩᠭᠤᠢ ᠪᠤᠯᠤᠩ | ᠲᠤᠳᠤᠷ᠎ᠠ ᠪᠠᠶᠢᠬᠤ ᠠᠴᠠ ᠪᠢᠰᠢ᠂ ᠶᠠᠭᠠᠬᠢᠭᠠᠳ ᠨᠠᠭᠠᠳᠤᠮ ᠲᠤᠳᠤᠷ᠎ᠠ ᠪᠠᠶᠢᠬᠤ ᠶᠤᠮ︖︾ ᠭᠡᠵᠦ ᠬᠤᠪᠢᠨ ᠤ | ᠪᠤᠳᠤᠭᠰᠠᠨ ᠢᠶᠠᠨ ᠪᠠᠷᠢᠮᠳᠠᠯᠠᠭᠰᠠᠨ ᠪᠠᠶᠢᠪᠠ᠃ ᠠᠪᠤ ᠬᠠᠨᠵᠤᠨ ᠵᠡᠬᠦᠨ ᠪᠡᠶ᠎ᠡ ᠳᠤ ᠰᠠᠭᠤᠵᠤ᠂ ᠡᠵᠢ ᠪᠢᠳᠡ ᠬᠤᠶᠠᠷ ᠢ | ᠡᠭᠡᠯᠵᠢᠯᠡᠨ ᠬᠠᠷᠠᠨ᠎ᠠ᠃ | ᠡᠵᠢ ᠪᠤᠳᠤᠰᠬᠢᠵᠦ ᠠᠪᠤᠭᠠᠳ᠄ ︽ᠡᠨᠡ ᠭᠡᠦᠭᠡᠳ ᠡᠳᠦᠷ ᠲᠡᠭᠡᠨ ᠴᠢᠳᠬᠦᠷ ᠴᠢᠳᠬᠦᠷ ᠭᠡᠳ᠂ ᠨᠢᠭᠡᠯᠡ ᠶᠡᠭᠡ | ᠠᠶᠤᠮᠠᠳᠠᠭᠠᠢ ᠬᠦᠮᠦᠨ ᠭᠠᠷᠴᠠᠢ︾ ᠭᠡᠰᠡᠨ ᠢᠶᠠᠨ ᠠᠪᠤ ᠲᠠᠶᠢᠰᠢ ᠬᠠᠨᠳᠤᠵᠤ᠄ ︽ᠬᠠᠮᠢᠭ᠎ᠠ ᠪᠠᠶᠢᠭᠰᠠᠨ ᠴᠢᠳᠬᠦᠷ ᠶᠤᠮ | ᠡ︖ ᠬᠠᠷᠠᠩᠭᠤᠢ ᠭᠠᠵᠠᠷ ᠴᠤ ᠴᠢᠳᠬᠦᠷ ᠦᠭᠡᠢ᠃ ᠪᠤᠳᠤᠭᠠᠳ ᠪᠠᠶᠢᠪᠠᠯ᠂ ᠡᠨᠡ ᠬᠦᠮᠦᠨ ᠭᠡᠳᠡᠭ ᠴᠢᠨᠢ ᠴᠢᠳᠬᠦᠷ | ᠴᠤ ᠮᠦᠨ᠂ ᠪᠤᠷᠬᠠᠨ ᠴᠤ ᠮᠦᠨ᠃ ᠬᠦᠮᠦᠨ ᠠᠴᠠ ᠮᠠᠭᠤ ᠴᠢᠳᠬᠦᠷ ᠦᠭᠡᠢ᠂ ᠬᠦᠮᠦᠨ ᠠᠴᠠ ᠰᠠᠶᠢᠨ ᠪᠤᠷᠬᠠᠨ ᠴᠤ | ᠦᠭᠡᠢ︕ ᠬᠠᠷ᠎ᠠ ᠰᠠᠨᠠᠭ᠎ᠠ ᠲᠠᠢ ᠬᠦᠮᠦᠨ ᠤ ᠰᠡᠳᠬᠢᠯ ᠲᠤᠳᠤᠷ᠎ᠠ ᠴᠢᠳᠬᠦᠷ ᠲᠠᠢ᠂ ᠵᠦᠭᠡᠯᠡᠨ ᠴᠠᠭᠠᠨ ᠰᠠᠨᠠᠭ᠎ᠠ ᠲᠠᠢ | ᠬᠦᠮᠦᠨ ᠤ ᠰᠡᠳᠬᠢᠯ ᠲᠤᠳᠤᠷ᠎ᠠ ᠪᠤᠷᠬᠠᠨ ᠲᠠᠢ ᠡ︕︾ ᠭᠡᠵᠦ ᠶᠡᠬᠡᠯ᠎ᠡ ᠪᠠᠳᠤᠯᠠᠭ᠎ᠠ ᠲᠠᠢ ᠭᠡᠯᠡᠭᠰᠡᠨ ᠢ ᠨᠢ ᠪᠢ | ᠤᠬᠠᠭᠠᠷᠠᠬᠤ ᠴᠤ ᠰᠢᠭ᠋ ᠪᠤᠯᠤᠭᠰᠠᠨ ᠶᠤᠮ᠃ | ᠠᠪᠤ ᠪᠠᠰᠠ᠄ ︽ᠦᠨᠡᠭᠡᠷ ᠡ︕ ᠮᠠᠨ ᠤ ᠠᠶᠢᠯ ᠤᠨ ᠲᠡᠷᠡ ᠮᠠᠨᠳᠠᠷᠸ᠎ᠠ ᠡᠭᠡᠴᠢ ᠰᠢᠭ ᠬᠦᠮᠦᠨ ᠪᠤᠯ᠂ | ᠪᠤᠷᠬᠠᠨ ᠪᠤᠷᠬᠠᠨ ᠭᠡᠳ ᠡᠳᠦᠷᠵᠢᠨ ᠮᠦᠷᠬᠦᠨ ᠰᠦᠬᠦᠳᠦᠨ ᠪᠤᠷᠬᠠᠨ ᠲᠠᠬᠢᠵᠤ ᠯᠡ ᠪᠠᠶᠢᠨ᠎ᠠ ᠡ᠃ ᠲᠡᠭᠡᠭᠡᠳ ᠲᠡᠷᠡ | ᠦᠵᠡᠬᠦ ᠦᠭᠡᠢ ᠤᠤ︖ ᠬᠠᠯᠳᠤᠰᠬᠢᠪᠠᠯ ᠬᠠᠳᠠᠮ ᠡᠵᠢ ᠪᠠᠨ ᠬᠠᠷᠢᠶᠠᠨ᠎ᠠ᠃ ︿ᠴᠢᠨᠦ ᠡᠨᠡ ᠶᠠᠩᠵᠤ ᠪᠠᠷ ᠪᠤᠷᠬᠠᠨ ᠢ | ᠲᠠᠬᠢᠭᠠᠳ ᠶᠠᠭᠤ ᠬᠢᠨ᠎ᠡ ᠳ᠋ᠠ︖ ᠴᠢ ᠲᠠᠷᠡ ᠪᠤᠷᠬᠠᠨ ᠲᠠᠬᠢᠵᠤ ᠪᠠᠶᠢᠬᠤ ᠰᠢᠷ᠎ᠠ ᠲᠤᠰᠤ ᠪᠠᠨ ᠠᠮᠠᠷᠬᠠᠨ ᠬᠠᠳᠠᠮ | ᠡᠵᠢ ᠳᠡᠭᠡᠨ ᠢᠳᠡᠬᠦᠯᠴᠢᠭᠡ﹀ ᠭᠡᠵᠦ ᠪᠢ ᠨᠢᠭᠡ ᠭᠡᠯᠡᠭᠡᠳ ᠠᠪᠤᠭᠰᠠᠨ ᠴᠢᠨᠢ᠂ ᠦ᠂ ᠪᠠᠷᠠᠵᠠᠢ︕ ᠮᠠᠨ ᠤ ᠬᠦᠮᠦᠨ | ᠨᠢᠭᠡᠮᠦᠰᠦᠨ ᠠᠭᠤᠷᠯᠠᠭᠠᠳ ᠶᠠᠭ ᠬᠦᠯᠢᠶᠡᠬᠦ ᠶᠠᠭᠤᠮ᠎ᠠ ᠪᠢᠰᠢ ᠁︾ ᠭᠡᠵᠦ ᠭᠡᠯᠡᠵᠦ ᠪᠠᠷᠠᠬᠤ ᠠᠴᠠ ᠡᠮᠦᠨ᠎ᠡ ᠡᠵᠢ | ᠢᠨᠢᠶᠡᠭᠰᠡᠭᠡᠷ ᠢᠨᠢᠶᠡᠭᠰᠡᠭᠡᠷ ᠪᠦᠷ ᠴᠤ ᠡᠯᠢᠭᠡ ᠨᠢ ᠬᠦᠰᠢᠭᠡᠳ ᠡᠪᠴᠢᠬᠦᠦ ᠪᠠᠨ ᠲᠡᠪᠡᠷᠢᠵᠦ ᠤᠳᠠᠵᠤ ᠤᠳᠠᠭᠠᠳ ᠰᠠᠶ᠋ᠢ | ᠢᠨᠢᠶᠡᠳᠦ ᠬᠠᠨᠢᠶᠠᠳᠦ ᠪᠠᠨ ᠬᠤᠷᠢᠡᠡᠯᠠᠵᠤ ᠵᠤᠭᠰᠤᠭᠠᠭᠠᠳ᠄ | — ᠠᠪᠤ ᠴᠢᠨᠢ ᠪᠤᠯ ᠬᠦᠮᠦᠨ ᠢ ᠭᠡᠯᠡᠨ᠎ᠡ ᠬᠡᠪᠡᠯ᠂ ᠸᠠ᠂ ᠬᠤᠯᠪᠤᠭ᠎ᠠ ᠬᠤᠷᠰᠢᠶ᠎ᠡ ᠲᠠᠭᠠᠷᠠᠭᠤᠯᠤᠭᠠᠳ ᠪᠠᠶᠢᠬᠤ ᠶᠤᠮ | ᠡ︕ ᠭᠡᠵᠦ ᠲᠤᠷ᠎ᠠ ᠦᠭᠡᠶᠢᠴᠡᠭᠰᠡᠨ ᠰᠢᠭ ᠬᠢᠷᠢ ᠨᠢ ᠪᠠᠰᠠ ᠲᠠᠪᠠ ᠨᠢ ᠬᠠᠨᠤᠭᠰᠠᠨ ᠪᠤᠯᠵᠤ᠂ ︽ᠰᠡᠳᠬᠢᠯ ᠢᠶᠠᠨ | ᠵᠠᠰᠠᠬᠤ ᠦᠭᠡᠢ ᠪᠤᠯ ᠪᠤᠷᠬᠠᠨ ᠲᠠᠬᠢᠯ᠎ᠠ ᠭᠡᠳ ᠶᠠᠮᠠᠷ ᠭᠡᠷᠡᠭ ᠪᠠᠶᠢᠬᠤ ᠶᠤᠮ ᠡ︖︾ ᠭᠡᠵᠦ ᠠᠪᠤ ᠶᠢᠨ ᠭᠡᠯᠡᠬᠦ ᠶᠢ | ᠵᠦᠪᠳᠡᠭᠡᠨ ᠲᠠᠭᠠᠳᠠᠢ ᠴᠢᠷᠠᠶᠢᠯᠠᠵᠦ ᠪᠢᠯᠡ᠃ | ᠭᠡᠯᠡᠪᠡᠯ ᠪᠠᠰᠠ ᠰᠤᠨᠢᠨ ᠶᠤᠮ᠃ ᠡᠵᠢ ᠠᠪᠤ ᠮᠢᠨᠢ ᠲᠡᠭᠡᠵᠦ ᠭᠡᠯᠡᠵᠦ ᠪᠠᠶᠢᠬᠤ ᠬᠢᠷᠢ ᠨᠢ ᠦᠪᠡᠷᠰᠡᠳ ᠢᠶᠠᠨ | ᠮᠦᠨ ᠨᠢᠭᠡ ︽ᠴᠠᠭᠠᠨ ᠳ᠋ᠠᠷ᠎ᠠ︾ ᠶᠤᠮ ᠤᠤ᠂ ︽ᠨᠤᠭᠤᠭᠠᠨ ᠳ᠋ᠠᠷ᠎ᠠ︾ ᠶᠤᠮ ᠤᠤ᠂ ᠨᠡᠷ᠎ᠡ ᠶᠢ ᠨᠢ ᠪᠢ ᠵᠢᠭᠠᠬᠠᠨ | ᠮᠠᠷᠳᠠᠵᠤ ᠪᠠᠶᠢᠨ᠎ᠠ᠃ ᠶᠠᠭᠤ ᠴᠦ ᠭᠡᠰᠡᠨ ︽ᠳ᠋ᠠᠷ᠎ᠠ︾ ᠤᠷᠤᠳᠠᠭ ᠨᠠᠷ᠎ᠡ ᠲᠠᠢ ᠪᠤᠷᠬᠠᠨ ᠤ ᠬᠦᠷᠦᠭ ᠢ ᠪᠠᠷᠠᠭᠤᠨ ᠬᠠᠨ᠎ᠠ | ᠲᠡᠭᠡᠷ᠎ᠡ ᠪᠠᠨ ᠡᠯᠬᠦᠭᠡᠳ᠂ ᠪᠢᠯᠢᠭ ᠤᠨ ᠤᠯᠠᠷᠢᠯ ᠤᠨ ᠰᠠᠷ᠎ᠠ ᠪᠦᠷᠢ ᠶᠢᠨ ᠰᠢᠨ᠎ᠡ ᠶᠢᠨ ᠨᠢᠭᠡᠨ ᠠᠷᠪᠠᠨ ᠲᠠᠪᠤᠨ ᠤ | ᠡᠳᠦᠷ ᠬᠦᠵᠢ ᠵᠤᠯᠠ ᠠᠰᠠᠭᠠᠵᠤ ᠲᠠᠬᠢᠳᠠᠭ ᠪᠠᠶᠢᠯ᠎ᠠ᠃ ᠠᠪᠤ ᠶᠢ ᠨᠠᠰᠤ ᠪᠠᠷᠠᠭᠰᠠᠨ ᠠᠴᠠ ᠰᠡᠬᠦᠯᠡᠷᠬᠢ ᠰᠢᠷ᠎ᠠ ᠡᠳᠦᠷ | ᠪᠤᠷᠤ ᠬᠤᠨᠤᠭ ᠲᠤ ᠡᠵᠢ ᠮᠢᠨᠢ ᠪᠠᠷᠤᠭ ᠯᠡ ᠭᠡᠦᠭᠡᠳ ᠤᠳ ᠤᠨ ᠢᠶᠠᠨ ᠭᠡᠷ ᠢᠶᠠᠷ ᠲᠤᠭᠤᠷᠢᠵᠤ ︽ᠨᠡᠬᠦᠵᠦ ᠪᠠᠭᠤᠵᠤ︾ | ᠠᠮᠢᠳᠤᠷᠠᠬᠤ ᠪᠤᠯᠤᠭᠰᠠᠨ ᠪᠦᠭᠡᠳ ᠲᠡᠷᠡ ᠬᠦ ᠠᠪᠤ ᠶᠢᠨ ᠪᠤᠢ ᠳᠤ ᠡᠵᠡᠯᠡᠵᠦ ᠪᠠᠶᠢᠭᠰᠠᠨ ᠰᠢᠷᠤᠢ ᠶᠢᠨ ᠭᠡᠷ ᠠᠴᠠ ᠪᠠᠨ | ᠨᠡᠬᠦᠵᠦ ᠭᠠᠷᠤᠭᠰᠠᠨ ᠲᠤᠯᠠ ᠦᠨᠦ ᠨᠢᠭᠡ ᠳ᠋ᠠᠷ᠎ᠠ ᠪᠤᠷᠬᠠᠨ ᠤ ᠬᠦᠷᠦᠭ ᠨᠢ ᠴᠤᠬᠤᠮ ᠬᠠᠮᠢᠭ᠎ᠠ ᠤᠷᠤᠭᠰᠠᠨ ᠢ ᠪᠤᠤ | ᠮᠡᠳᠡ᠃ ᠪᠢ ᠴᠤ ᠬᠤᠯᠠ ᠶᠢᠨ ᠬᠠᠷᠢ ᠳᠤ ᠮᠤᠷᠳᠠᠵᠤ ᠠᠪᠤ ᠶᠢ ᠨᠠᠰᠤ ᠨᠦᠭᠴᠢᠬᠦ ᠳᠤ᠂ ᠲᠡᠷᠭᠡᠳᠡ ᠨᠢ ᠪᠠᠶᠢᠵᠤ | ᠴᠢᠳᠠᠭᠰᠠᠨ ᠦᠭᠡᠢ ᠪᠤᠯᠬᠤᠷ ᠪᠦᠷ ᠴᠤ ᠮᠡᠳᠡᠭᠰᠡᠨ ᠦᠭᠡᠢ ᠦᠩᠭᠡᠷᠡᠵᠡᠢ᠃ ᠬᠤᠵᠢᠮ ᠨᠢ ᠪᠤᠳᠤᠬᠤ ᠳᠤ ᠡᠵᠢ | ᠠᠪᠤ ᠶᠢᠨ ᠮᠢᠨᠢ ᠲᠠᠬᠢᠳᠠᠭ ᠦᠨᠦ ᠴᠠᠭᠠᠨ ᠳ᠋ᠠᠷ᠎ᠠ ᠪᠤᠶᠤ ᠨᠤᠭᠤᠭᠠᠨ ᠳ᠋ᠠᠷ᠎ᠠ ᠪᠤᠷᠬᠠᠨ ᠨᠢ ᠡᠵᠢ ᠶᠢ ᠮᠢᠨᠢ ᠲᠠᠭᠠᠵᠤ᠂ | ᠡᠵᠢ ᠶᠢᠨ ᠮᠢᠨᠢ ᠰᠡᠳᠬᠢᠯ ᠵᠢᠷᠦᠭᠡᠨ ᠳᠤ ᠨᠡᠬᠦᠵᠦ ᠰᠠᠭᠠᠳᠠᠭᠰᠠᠨ ᠨᠢ ᠯᠠᠪᠳᠠᠢ ᠡ︕ | ᠤᠨ ᠵᠢᠯ ᠲᠦᠳᠡᠭᠡᠨᠡ ᠲᠦᠷᠭᠡᠬᠡᠨ ᠤᠳᠴᠤ ᠨᠢᠭᠡ ᠯᠡ ᠮᠡᠳᠡᠬᠦ ᠳᠤ ᠡᠵᠢ ᠮᠢᠨᠢ ᠴᠤ ᠨᠠᠰᠤ ᠠᠴᠠ ᠪᠠᠨ | ᠤᠷᠢᠳᠠᠵᠤ ᠦᠳᠡᠯᠵᠦ ᠬᠦᠭᠰᠢᠷᠡᠵᠦ ᠳ᠋ᠠ᠃ ᠠᠪᠤ ᠡᠵᠢ ᠪᠠᠨ ᠠᠮᠢᠳᠤ ᠰᠡᠷᠡᠬᠦᠨ ᠪᠠᠶᠢᠬᠤ ᠳᠤ ᠨᠢ ᠠᠴᠢᠯᠠᠵᠤ | ᠬᠦᠨᠳᠦᠯᠡᠵᠦ ᠶᠠᠪᠤᠬᠤ ᠭᠡᠭᠴᠢ ᠶᠠᠭᠤᠳᠠᠢ ᠶᠡᠭᠡ ᠪᠤᠶᠠᠨ ᠵᠠᠶᠠᠭ᠎ᠠ ᠪᠢᠯᠡ︕ ᠡᠶᠢᠨ ᠬᠦ ᠡᠵᠢ ᠶᠢᠨ ᠢᠶᠠᠨ ᠡᠨᠡᠷᠢᠯ | ᠬᠠᠶᠢᠷ᠎ᠠ ᠶᠢ ᠬᠠᠷᠢᠭᠤᠯᠬᠤ ᠰᠡᠳᠬᠢᠯᠭᠡ ᠶᠢ ᠡᠪᠤᠷᠯᠡᠨ 1998 ᠤᠨ ᠤ ᠲᠡᠷᠡ ᠡᠪᠤᠯ ᠪᠢ ᠡᠵᠢ ᠪᠠᠨ ᠠᠷᠠᠶᠢᠬᠢᠵᠦ | ᠬᠦᠬᠡᠬᠤᠳᠠ ᠳᠤ ᠦᠪᠡᠷ ᠤᠨ ᠲᠡᠷᠭᠡᠳᠡ ᠪᠠᠨ ᠠᠪᠴᠢᠷᠠᠭᠰᠠᠨ ᠴᠢᠨᠢ᠂ ᠲᠦᠩᠭᠡᠵᠢ ᠨᠢᠭᠡᠯᠭᠡᠨ ᠰᠠᠷ᠎ᠠ ᠪᠤᠯᠤᠭ᠎ᠠ | ᠦᠭᠡᠢ ᠪᠠᠷ ᠡᠵᠢ ᠮᠢᠨᠢ ᠳᠡᠷᠬᠡᠳᠡ ᠠᠴᠠ ᠬᠠᠯᠢᠨ ᠤᠳᠴᠠᠢ ᠁ | ᠬᠠᠷ᠎ᠠ ᠰᠢᠷᠤᠢ ᠪᠠᠨ ᠮᠠᠯᠳᠠᠵᠤ᠂ ᠬᠠᠯᠠᠭᠤᠨ ᠲᠤᠯᠠᠭᠠᠨ ᠭᠡᠷ ᠪᠦᠯᠢ ᠪᠠᠨ᠂ ᠬᠠᠷ᠎ᠠ ᠴᠠᠭᠠᠨ ᠦᠷ᠎ᠡ ᠠᠴᠢᠷ ᠢᠶᠠᠨ ᠭᠡᠵᠦ᠂ | ᠬᠠᠳᠠᠭᠤ ᠲᠤᠳᠠᠭᠤ ᠠᠮᠢᠳᠤᠷᠠᠯ ᠳᠠᠭᠠᠨ ᠨᠠᠰᠤᠵᠢᠨ ᠵᠤᠪᠠᠨ ᠵᠦᠳᠡᠷᠡᠵᠦ᠂ ᠵᠢᠳᠬᠦᠵᠦ ᠲᠡᠮᠡᠦᠯᠵᠦ ᠶᠠᠪᠤᠬᠤ ᠳᠠᠭᠠᠨ᠂ | ᠡᠵᠢ ᠠᠪᠤ ᠮᠢᠨᠢ᠂ ᠲᠠᠩᠳᠠ ᠶᠠᠳᠠᠷᠠᠭᠰᠠᠨ ᠨᠢᠭᠡ ᠶᠢ ᠨᠢ ᠲᠠᠭᠠᠷᠠᠯᠳᠤᠪᠠᠯ ︽ᠠᠢ᠂ ᠬᠦᠭᠡᠷᠦᠬᠦᠢ︾ ᠭᠡᠵᠦ ᠲᠡᠮ ᠲᠤᠰᠠ | ᠦᠭᠬᠦᠨ᠂ ᠲᠤᠰᠠᠴᠢ ᠨᠢᠭᠡ ᠳᠤ ᠨᠢ ᠲᠠᠭᠠᠷᠠᠯᠳᠤᠪᠠᠯ ︽ᠪᠤᠷᠬᠠᠨ ᠰᠢᠭ᠋ ᠬᠦᠮᠦᠨ ᠡ︕︾ ᠭᠡᠵᠦ ᠪᠠᠶᠠᠰᠤᠨ | ᠮᠠᠭᠳᠠᠵᠤ᠂ ᠬᠤᠤᠷᠠᠳᠠᠢ ᠨᠢᠭᠡ ᠳᠤ ᠨᠢ ᠬᠠᠷᠭᠤᠪᠠᠯ ︽ᠴᠢᠳᠬᠦᠷ ᠠᠴᠠ ᠴᠠᠭᠠᠰᠢ ᠠᠮᠢᠳᠠᠨ︕︾ ᠭᠡᠵᠦ ᠦᠵᠡᠨ | ᠶᠠᠳᠠᠳᠠᠭ ᠪᠠᠶᠢᠭᠰᠠᠨ ᠶᠤᠮ᠃ ᠤᠳᠤ ᠪᠤᠳᠤᠬᠤᠯ᠎ᠠ ᠡᠵᠢ ᠠᠪᠤ ᠮᠢᠨᠢ ᠪᠤᠷᠬᠠᠨ ᠢ ᠨᠢ ᠪᠢᠰᠢ᠂ ᠬᠠᠷᠢᠨ ᠪᠤᠷᠬᠠᠨ ᠴᠠᠭᠠᠨ | ᠰᠡᠳᠬᠢᠯ ᠢ ᠯᠡ ᠲᠠᠬᠢᠵᠦ ᠲᠡᠭᠡᠵᠢᠯᠡᠵᠦ ᠶᠠᠪᠤᠭᠰᠠᠨ ᠪᠠᠶᠢᠵᠠᠢ ᠡ︕ | ᠁ | ᠦᠴᠦᠭᠡᠳᠦᠷ ᠤᠷᠤᠢ ᠬᠦᠦ ᠮᠢᠨᠢ ᠲᠦᠬᠦᠮ ᠮᠢᠶᠠᠨᠲ᠋ᠢᠶᠤᠤᠷ ᠢᠳᠡᠨ᠎ᠡ ᠭᠡᠳ ᠪᠠᠶᠢᠯ᠎ᠠ᠃ ᠪᠢ ᠲᠡᠬᠦᠨ ᠢ ︽ | ᠦᠪᠡᠷ ᠢᠶᠠᠨ ᠪᠠᠭᠤᠵᠦ ᠲᠡᠯᠭᠡᠬᠦᠷ ᠠᠴᠠ ᠠᠪᠤᠭᠠᠳ ᠢᠷ᠎ᠡ︾ ᠭᠡᠰᠡᠨ ᠴᠢᠨᠢ ︽ᠦᠭᠡᠢ᠂ ᠪᠢ ᠠᠶᠤᠨ᠎ᠠ᠃ ᠠᠰᠠᠷ ᠤᠨ | ᠲᠤᠤᠷᠠᠬᠢ ᠬᠠᠷᠠᠩᠭᠤᠢ ᠭᠠᠵᠠᠷ ᠲᠤ ᠴᠢᠳᠬᠦᠷ ᠪᠠᠶᠢᠨ᠎ᠠ︾ ᠭᠡᠬᠦ ᠪᠠᠷ ᠨᠢ ᠡᠵᠢ ᠶᠢᠨ ᠮᠢᠨᠢ ᠭᠡᠯᠡᠳᠡᠭ ︽ᠪᠤᠷᠬᠠᠨ︾ ᠪᠠ | ︽ᠴᠢᠳᠬᠦᠷ︾ ᠨᠢ ᠪᠠᠰᠠ ᠯᠡ ᠪᠤᠳᠤᠭᠳᠠᠴᠢᠬᠠᠯᠠ᠃ ᠲᠡᠭᠡᠭᠡᠳ ᠪᠢ ᠦᠪᠡᠷ ᠢᠶᠠᠨ ᠪᠠᠭᠤᠵᠤ ᠬᠦᠦ ᠳᠡᠭᠡᠨ ᠲᠦᠬᠦᠮ | ᠮᠢᠶᠠᠨᠲ᠋ᠢᠶᠤᠤᠷ ᠠᠪᠴᠢᠷᠠᠵᠦ ᠦᠭᠬᠦ ᠵᠠᠮ ᠳᠠᠭᠠᠨ ᠡᠵᠢ ᠶᠢ ᠪᠠᠨ᠂ ᠡᠵᠢ ᠶᠢᠨ ᠢᠶᠠᠨ ᠭᠡᠯᠡᠭᠰᠡᠨ ᠲᠡᠳᠡᠭᠡᠷ ᠦᠭᠡ ᠶᠢ | ᠪᠤᠳᠤᠭᠠᠳ ᠠᠷᠭ᠎ᠠ ᠦᠭᠡᠢ ᠤᠶᠠᠷᠠᠨ ᠤᠶᠠᠷᠠᠵᠤ ᠪᠢᠯᠡ᠃ ᠬᠠᠷᠢᠨ ᠬᠦᠦ ᠮᠢᠨᠢ ᠨᠠᠮ᠎ᠠ ᠶᠢ ᠦᠵᠡᠭᠡᠳ ︽ᠮᠦᠮᠦ ᠴᠢ | ᠴᠢᠳᠬᠦᠷ ᠠᠴᠠ ᠠᠶᠤᠬᠤ ᠦᠭᠡᠢ ᠤᠤ︖︾ ᠭᠡᠴᠢᠭᠡᠭᠰᠡᠨ ᠰᠢᠤ᠃ | ︽ᠬᠦᠮᠦᠨ ᠭᠡᠳᠡᠭ ᠴᠢᠨᠢ ᠡ ᠁ ᠴᠢᠳᠬᠦᠷ ᠮᠦᠨ᠂ ᠪᠤᠷᠬᠠᠨ ᠴᠤ ᠮᠦᠨ︕ ᠬᠦᠮᠦᠨ ᠠᠴᠠ ᠮᠠᠭᠤ | ᠴᠢᠳᠬᠦᠷ ᠦᠭᠡᠢ᠂ ᠬᠦᠮᠦᠨ ᠠᠴᠠ ᠰᠠᠶᠢᠨ ᠪᠤᠷᠬᠠᠨ ᠴᠤ ᠦᠭᠡᠢ ᠁ ᠬᠠᠷ᠎ᠠ ᠰᠠᠨᠠᠭ᠎ᠠ ᠬᠠᠷᠬᠢᠰ ᠪᠤᠳᠤᠯ ᠲᠠᠢ | ᠬᠦᠮᠦᠨ ᠤ ᠰᠡᠳᠬᠢᠯ ᠳᠤ ᠴᠢᠳᠬᠦᠷ ᠲᠠᠢ᠃ ᠵᠦᠭᠡᠯᠡᠨ ᠴᠠᠭᠠᠨ ᠰᠠᠨᠠᠭ᠎ᠠ ᠲᠠᠢ ᠬᠦᠮᠦᠨ ᠤ ᠰᠡᠳᠬᠢᠯ ᠳᠤ ᠪᠤᠷᠬᠠᠨ ᠲᠠᠢ ᠁ | ︾ ᠤᠯᠠᠨ ᠵᠢᠯ ᠤᠨ ᠡᠮᠦᠨ᠎ᠡ ᠡᠵᠢ ᠶᠢᠨ ᠮᠢᠨᠢ ᠭᠡᠯᠡᠵᠦ ᠪᠠᠶᠢᠭᠰᠠᠨ ᠦᠭᠡ ᠨᠢᠭᠡ ᠨᠢᠭᠡ ᠪᠠᠷ ᠢᠶᠠᠨ ᠠᠬᠢᠭᠠᠳ ᠯᠡ | ᠰᠠᠨᠠᠭᠳᠠᠴᠢᠬᠠᠯ᠎ᠠ᠃ ᠡᠵᠢ ᠮᠢᠨᠢ ᠠᠮᠢᠳᠤ ᠰᠡᠷᠡᠬᠦᠨ ᠪᠠᠶᠢᠭᠰᠠᠨ ᠴᠤ ᠪᠤᠯ ᠡ︕ ᠬᠦᠦ ᠳᠡᠭᠡᠨ ᠪᠢ ︽ᠪᠤᠷᠬᠠᠨ︾ ᠪᠠ | ︽ᠴᠢᠳᠬᠦᠷ︾ ᠤᠨ ᠲᠤᠬᠠᠢ ᠨᠠᠭᠠᠴᠦ ᠡᠮᠡᠭᠡ ᠠᠴᠠ ᠪᠠᠨ ᠠᠰᠠᠭᠤ ᠭᠡᠵᠦ ᠭᠡᠯᠡᠬᠦ ᠦᠭᠡᠢ ᠤᠤ ᠳ᠋ᠠ᠃ ᠲᠡᠭᠡᠬᠦ ᠳᠤ ᠡᠵᠢ | ᠮᠢᠨᠢ ᠬᠠᠳᠠᠭᠰᠠᠨ ᠠᠷᠭᠠᠯ ᠰᠢᠭ᠋ ᠭᠠᠷ ᠤᠨ ᠠᠷᠤ ᠪᠠᠷ ᠢᠶᠠᠨ ᠡᠮᠰᠡᠶᠢᠭᠰᠡᠨ ᠤᠷᠤᠭᠤᠯ ᠢᠶᠠᠨ ᠨᠢᠭᠡ ᠵᠦᠯᠬᠦᠵᠦ ᠠᠪᠤᠭᠠᠳ | ᠄ ︽᠁ ᠴᠢᠳᠬᠦᠷ ᠦᠭᠡᠢ ᠡ︕ ᠬᠠᠭᠤᠴᠢᠨ ᠴᠠᠭ ᠤᠨ ᠬᠦᠮᠦᠨ ᠲᠤᠷ᠎ᠠ ᠪᠠᠷ ᠢᠶᠠᠨ ᠨᠢᠭᠡ ᠦᠭᠡ ᠵᠤᠬᠢᠶᠠᠭᠠᠳ | ᠭᠡᠯᠡᠭᠡᠳ ᠪᠠᠶᠢᠬᠤ ᠶᠤᠮ ᠡ ᠁︾ ᠭᠡᠵᠦ ᠬᠠᠷᠢᠭᠤᠯᠵᠤ ᠡᠬᠢᠯᠡᠬᠦ ᠪᠢᠰᠢ ᠪᠢᠯᠢᠦ︖ | ᠠᠢ ᠳ᠋ᠠ᠂ ᠡᠵᠢ ᠮᠢᠨᠢ᠂ ᠦᠪᠡᠷ ᠢᠶᠠᠨ ᠲᠠ ᠪᠤᠷᠬᠠᠨ ᠪᠠᠶᠢᠵᠤ ᠬᠢᠷᠢ ᠨᠢ᠃ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ | |