ᠬᠡᠤᠬᠡᠳ ᠤᠳ ᠪᠤᠯ
ᠨᠡᠶᠢᠲᠡᠯᠡᠭᠰᠡᠨ ᠴᠠᠭ᠄
2020/12/21
ᠡᠴᠢᠬᠡ ᠡᠬᠡ ᠶᠢᠨ ᠬᠠᠶᠢᠷ᠎ᠠ ᠶᠢᠨ ᠲᠡᠭᠷᠢ ᠠᠴᠠ ᠱᠠᠬᠢᠭᠰᠠᠨᠤᠷᠭᠤᠳᠠᠭ ᠲᠤᠩᠭᠠᠯᠠᠭ ᠷᠠᠰᠢᠶᠠᠨ ᠪᠢᠯᠡᠭᠠᠵᠠᠷ ᠲᠠᠭᠠᠨ ᠰᠢᠮ᠎ᠡ ᠯᠠ ᠪᠢᠰᠢ᠂ ᠦᠷ᠎ᠡ ᠨᠢ ᠪᠤᠯᠤᠭᠠᠳᠬᠠᠪᠤᠷ ᠲᠠᠢ ᠪᠠᠨ ᠬᠠᠮᠳᠤ ᠰᠤᠶᠤᠭᠠᠯᠠᠳᠠᠭ ᠶᠤᠮᠡᠷᠦᠬᠡ ᠬᠡᠷ ᠤᠨ ᠢᠶᠠᠨ ᠪᠦᠪᠡᠢ ᠶᠢᠨ ᠨᠠᠷᠠᠨ ᠠᠴᠠ ᠰᠠᠴᠤᠷᠠᠭᠰᠠᠨᠢᠨᠢᠶᠡᠳᠡᠭ ᠬᠠᠯᠠᠭᠤᠨ ᠢᠯᠴᠢ ᠪᠢᠯᠡᠭᠤᠯᠤᠮᠳᠠᠨ ᠳᠠᠭᠠᠨ ᠴᠤᠭ ᠯᠠ ᠪᠢᠰᠢ᠂ ᠲᠦᠯᠦ ᠨᠢ ᠪᠤᠯᠤᠭᠠᠳᠵᠤᠨ ᠲᠠᠢ ᠪᠠᠨ ᠬᠠᠮᠳᠤ ᠲᠡᠯᠬᠡᠷᠡᠳᠡᠭ ᠶᠤᠮᠨᠤᠳᠤᠭ ᠤᠰᠤᠨ ᠤ ᠪᠠᠨ ᠬᠦᠢ ᠰᠢᠷᠤᠢ ᠠᠴᠠ ᠨᠡᠷᠡᠭᠳᠡᠭᠰᠡᠨᠪᠤᠯᠪᠠᠰᠤᠷᠠᠳᠠᠭ ᠱᠠᠩᠳᠠᠭᠤᠨ ᠠᠮᠳᠠ ᠪᠢᠯᠡᠬᠦᠷᠦᠰᠦᠨ ᠳᠡᠭᠡᠨ ᠴᠡᠴᠡᠭ ᠯᠠ ᠪᠢᠰᠢ᠂ ᠵᠢᠮᠢᠰ ᠨᠢ ᠪᠤᠯᠤᠭᠠᠳᠨᠠᠮᠤᠷ ᠲᠠᠢ ᠪᠠᠨ ᠬᠠᠮᠳᠤ ᠦᠷᠡᠯᠡᠳᠡᠭ ᠶᠤᠮᠦᠨᠳᠦᠰᠦᠳᠡᠨ ᠤ ᠪᠠᠨ ᠵᠠᠶᠠᠭᠠᠨ ᠭᠤᠤᠯ ᠢ ᠲᠤᠯᠤᠭᠰᠠᠨᠶᠠᠰᠤᠨ ᠬᠠᠳᠠᠭᠤ ᠰᠤᠮᠤ ᠪᠢᠯᠡᠬᠦᠰᠡᠯ ᠳᠡᠭᠡᠨ ᠵᠡᠪᠡ ᠯᠠ ᠪᠢᠰᠢ᠂ ᠵᠤᠷᠢᠭ ᠨᠢ ᠪᠤᠯᠤᠭᠠᠳᠡᠪᠦᠯ ᠲᠠᠢ ᠪᠠᠨ ᠬᠠᠮᠳᠤ ᠢᠰᠬᠡᠷᠳᠡᠭ ᠶᠤᠮᠬᠦᠮᠦᠨ ᠤ ᠰᠠᠶᠢᠨ ᠲᠠᠢ ᠰᠤᠶᠤᠭᠠᠯᠠᠭᠰᠠᠨ᠂ ᠰᠤᠶᠤᠯ ᠢᠶᠠᠷ ᠴᠤᠯᠬᠢᠳᠠᠭᠰᠡᠩᠰᠡᠨ ᠤᠯᠠᠭᠠᠨ ᠨᠠᠷᠠ ᠶᠤᠮᠬᠦᠯᠦᠭ ᠤᠨ ᠰᠠᠶᠢᠪᠤᠷ ᠢᠶᠠᠷ ᠲᠡᠪᠢᠭᠰᠡᠨ᠂ ᠰᠤᠷᠳᠠᠯ ᠢᠶᠠᠷ ᠴᠦᠢᠯᠠᠳᠠᠭᠰᠡᠳᠬᠢᠯ ᠲᠦᠷᠢᠭᠰᠡᠨ ᠠᠶᠠᠯᠭᠤ ᠶᠤᠮᠦᠢᠯᠡᠰ ᠤᠨ ᠭᠠᠨᠵᠤᠭ᠎ᠠ ᠲᠠᠢ ᠦᠷᠡᠯᠡᠭᠰᠡᠨ᠂ ᠤᠳᠤ ᠲᠠᠢ ᠮᠠᠭᠰᠢᠳᠠᠭᠨᠤᠳᠤᠭ ᠤᠨ ᠰᠤᠳᠤᠨ ᠨᠡᠷ᠎ᠡ ᠶᠤᠮᠤᠳᠤᠮ ᠤᠨ ᠭᠠᠷᠤᠭ᠎ᠠ ᠲᠠᠢ ᠢᠰᠬᠡᠷᠦᠭᠰᠡᠨ᠂ ᠤᠴᠢ ᠲᠠᠢ ᠮᠠᠨᠳᠤᠳᠠᠭᠬᠤᠳᠤᠭ ᠤᠨ ᠬᠦᠬᠡ ᠲᠦᠷᠦ ᠶᠤᠮ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2