ᠵᠡᠯᠠᠯᠡᠭᠡᠳ ᠨᠢᠰᠬᠦ ᠭᠠᠯᠠᠭᠤᠤᠨ ᠤᠨ ᠲᠡᠭᠰᠢᠭᠡᠨ ᠴᠤᠪᠤᠭ᠎ᠠ ᠪᠤᠯ | ᠵᠡᠬᠦᠷᠮᠡᠭᠯᠡᠬᠦ ᠦᠶ᠎ᠡ ᠶᠢᠨ ᠮᠢᠨᠦ ᠬᠠᠮᠳᠤ ᠨᠦᠬᠦᠳ ᠪᠢᠯᠡ | ᠵᠡᠷᠭᠡᠴᠡᠵᠦ ᠮᠦᠷᠯᠡᠬᠦ ᠪᠦᠷᠢᠨ ᠪᠦᠳᠦᠨ ᠡᠩᠨᠡᠭᠡ ᠶᠢ ᠨᠢ | ᠵᠡᠬᠦᠳᠦᠨ ᠲᠤᠳᠤᠷ᠎ᠠ ᠠᠴᠠ ᠯᠡ ᠡᠷᠢᠵᠦ ᠤᠯᠬᠤ ᠪᠤᠯᠤᠭᠰᠠᠨ ᠪᠢᠯᠡ | ᠲᠦᠷᠪᠡᠨ ᠵᠦᠭ ᠠᠴᠠ ᠴᠤᠭᠯᠠᠷᠠᠭᠰᠠᠭᠠᠷ ᠪᠢᠳᠡ ᠴᠢᠨᠢ | ᠲᠦᠴᠢᠨ ᠬᠤᠶᠠᠷ ᠨᠡᠷᠡᠰ ᠬᠠᠮᠳᠤ ᠨᠦᠬᠦᠤᠨ ᠲᠠᠢ ᠪᠤᠯᠵᠠᠢ | ᠲᠠᠪᠤᠨ ᠲᠠᠪᠬᠤᠷ ᠵᠢᠭᠠᠨ ᠰᠤᠷᠭᠠᠬᠤ ᠠᠰᠠᠷ ᠲᠠᠭᠠᠨ | ᠲᠠᠩᠰᠤᠭ ᠰᠤᠷᠤᠯᠴᠠᠭᠠᠨ ᠲᠠᠢ 510 ᠳ᠋ᠤᠭᠠᠷ ᠬᠡᠷ ᠪᠢᠯᠡ | ᠬᠢᠩᠭᠠᠨ ᠤ ᠷᠢᠨᠴᠢᠨ ᠠᠩᠬᠢ ᠲᠤᠳᠤᠷ᠎ᠠ ᠪᠠᠨ ᠲᠠᠷᠤᠭᠠᠯᠠᠳᠠᠭ | ᠬᠢᠳᠠᠳ ᠲᠠᠭᠠᠨ ᠲᠦᠳᠡ ᠰᠠᠷᠬᠦᠯᠡᠩ ᠭᠠᠩᠭᠠᠨ ᠰᠠᠶᠢᠬᠠᠨ ᠲᠢᠭ᠋ ᠲᠠᠢ | ᠰᠢᠯᠢ ᠶᠢᠨ ᠭᠤᠤᠯ ᠤᠨ ᠰᠠᠶᠢᠰᠢᠶᠠᠯᠳᠤ ᠡᠪᠯᠡᠯ ᠤᠨ ᠠᠵᠢᠯ ᠢ ᠭᠠᠷᠳᠠᠨ | ᠱᠧᠪᠡᠷᠳᠤ ᠶᠢᠨ ᠪᠤᠤ ᠢᠤᠢ ᠯᠢᠨ ᠠᠮᠢᠳᠤᠷᠠᠯ ᠠᠬᠤᠢ ᠶᠢ ᠲᠤᠬᠢᠷᠠᠭᠤᠯᠳᠠᠭ | ᠲᠠᠶᠠᠭᠠᠷ ᠲᠠᠭᠠᠨ ᠪᠤᠶᠠᠨ ᠦᠢᠯᠡᠳᠬᠦ ᠰᠢᠭ ᠲᠦᠪᠰᠢᠨ ᠭᠤᠸᠠᠢ | ᠲᠠᠮᠢᠷ᠂ ᠤᠷᠠᠨ ᠰᠠᠶᠢᠬᠠᠨ ᠤ ᠠᠵᠢᠯ ᠢ ᠬᠠᠮᠳᠤ ᠳᠤ ᠨᠢ ᠬᠢᠳᠡᠭ | ᠲᠠᠩᠰᠤᠭ ᠰᠠᠶᠢᠬᠠᠨ ᠤᠶᠤᠳᠠᠨ ᠠᠮᠢᠳᠤᠷᠠᠯ ᠤᠨ ᠬᠡᠪᠴᠢᠶᠡᠨ ᠳᠤ | ᠲᠠᠭᠠᠳᠠᠢ ᠬᠢᠬᠦ ᠠᠩᠬᠢ ᠶᠢᠨ ᠠᠵᠢᠯ ᠪᠤᠯ ᠨᠢᠬᠡᠨ ᠲᠤᠬᠢᠶᠠᠯ ᠪᠢᠯᠡ | ᠡᠬᠡᠯᠢᠳᠡᠢ ᠰᠠᠶᠢᠬᠠᠨ ᠰᠤᠷᠭᠠᠵᠤ ᠶᠠᠪᠤᠭᠰᠠᠨ ᠪᠠᠭᠰᠢ ᠨᠠᠷ ᠮᠢᠨᠢ | ᠡᠯᠢᠬᠡ ᠵᠢᠷᠤᠬᠡᠨ ᠳᠤ ᠡᠷᠢᠭᠳᠡᠨ ᠰᠠᠨᠠᠭᠳᠠᠨ ᠦᠬᠡᠶᠢᠯᠡᠭᠳᠡᠨᠡ ᠳ᠋ᠠ | ᠰᠧᠳᠡᠩ᠂ ᠭᠧ ᠱᠤᠸᠠᠩ ᠪᠤᠤ᠂ ᠰᠦᠸᠠᠳᠢ᠂ ᠰᠠᠶᠢᠨᠪᠠᠶᠠᠷ ᠨᠠᠷ | ᠰᠡᠳᠬᠢᠯ ᠤᠨ ᠦᠨᠳᠦᠷ ᠲᠤ ᠮᠦᠩᠬᠡ ᠰᠢᠭᠤᠭᠳᠠᠵᠤ ᠦᠯᠡᠳᠡᠭᠰᠡᠨ | ᠠᠩᠬᠢ ᠳᠤ ᠮᠢᠨᠢ ᠭᠠᠯ ᠵᠠᠯᠠᠭᠤ ᠨᠠᠰᠤ ᠪᠠᠨ ᠡᠷᠬᠦᠵᠦ ᠶᠠᠪᠤᠭᠰᠠᠨ | ᠠᠰᠠᠷᠠᠯ ᠶᠠᠬᠡᠳᠡᠢ ᠵᠢᠷᠤᠮᠳᠤ᠂ ᠪᠠᠢ ᠭᠧᠨ ᠵᠤ᠋᠂ ᠪᠤᠶᠠᠨᠲᠡᠬᠦᠰ ᠪᠠᠭᠰᠢᠳᠠᠨ | ᠮᠠᠷᠭᠠᠰᠢ ᠶᠢᠨ ᠰᠠᠶᠢᠬᠠᠨ ᠳᠤ ᠰᠠᠭᠤᠷᠢ ᠲᠠᠯᠪᠢᠭᠰᠠᠨ ᠲᠠᠨᠠᠷ ᠮᠢᠨᠢ | ᠮᠠᠷᠠᠶᠢᠨ ᠵᠢᠳᠬᠦᠭᠰᠡᠨ ᠠᠯᠳᠠᠷ ᠭᠠᠪᠢᠶ᠎ᠠ ᠴᠢᠨᠢ ᠲᠤᠷᠠᠳᠬᠠᠯᠳᠠᠢ ᠪᠢᠯᠡ | ᠲᠡᠷᠡ ᠵᠢᠯ ᠤᠨ ᠵᠤᠨ ᠪᠢᠳᠡ ᠬᠠᠮᠳᠤ ᠪᠠᠷ ᠴᠦᠩᠬᠦᠯ ᠳᠤ ᠬᠦᠷᠦᠭᠰᠡᠨ | ᠲᠡᠭᠵᠢᠨ ᠴᠤᠪᠤᠭᠤᠯᠢᠭ ᠠᠩᠬᠢ ᠶᠢᠨ ᠬᠡᠤᠬᠡᠨᠴᠤᠤᠨ ᠲᠠᠢ ᠦᠶᠡᠷᠬᠡᠭᠰᠡᠨ ᠦᠬᠡᠢ | ᠲᠡᠪᠡᠷᠢᠵᠦ ᠪᠠᠭᠳᠠᠮ᠎ᠠ ᠦᠬᠡᠢ ᠤᠢ ᠶᠢᠨ ᠮᠤᠳᠤᠨ ᠤ ᠪᠦᠳᠦᠬᠦᠨ ᠢ ᠨᠢ ᠰᠤᠨᠢᠷᠬᠠᠨ | ᠲᠡᠯᠡᠬᠡᠢ ᠤᠯᠠᠨ ᠴᠡᠴᠡᠭ ᠮᠤᠳᠤᠨ ᠤ ᠵᠦᠢᠯᠡᠰ ᠢ ᠨᠢ ᠭᠠᠶᠢᠬᠠᠭᠰᠠᠨ ᠪᠢᠯᠡ | ᠠᠩᠬᠢ ᠲᠤᠳᠤᠷ᠎ᠠ ᠠᠷᠪᠠᠨ ᠰᠤᠳᠤᠨ ᠬᠡᠤᠬᠡᠨ ᠵᠠᠶᠠᠭᠠᠭᠰᠠᠨ ᠪᠢᠯᠡ | ᠠᠷᠪᠠᠨ ᠦᠩᠬᠡ ᠶᠢᠨ ᠠᠶ᠎ᠠ ᠲᠠᠭᠤᠤ ᠪᠦᠷᠢᠳᠴᠢᠬᠡᠭᠰᠡᠨ ᠶᠤᠮ ᠪᠢᠯᠡ | ᠠᠪᠤ ᠳᠠᠭᠠᠨ ᠡᠷᠬᠡᠯᠡᠳᠡᠭ ᠬᠡᠤᠬᠡᠨ ᠡᠵᠢ ᠶᠢᠨ ᠢᠶᠠᠨ ᠡᠩᠬᠦᠷᠡᠢ ᠦᠬᠢᠳ | ᠠᠷᠤ ᠭᠠᠵᠠᠷ ᠤᠨ ᠠᠮᠠᠷᠠᠭ ᠵᠠᠯᠠᠭᠤᠰ ᠲᠠᠢ ᠪᠠᠨ ᠨᠡᠶᠢᠯᠡᠵᠦ ᠰᠠᠯᠬᠤ ᠲᠠᠭᠤᠤ | ᠲᠦᠴᠢᠨ ᠬᠤᠶᠠᠷ ᠤᠳᠤᠨ ᠤ ᠪᠠᠶᠢᠷᠢ ᠨᠢ ᠬᠠᠮᠢᠭ᠎ᠠ ᠪᠠᠶᠢᠳᠠᠭ ᠪᠤᠯ︖ ᠬᠡᠵᠦ | ᠲᠦᠬᠦᠷᠢᠭ ᠰᠠᠷᠠᠨ ᠤ ᠬᠡᠷᠡᠯ ᠲᠤᠤᠷ᠎ᠠ ᠬᠠᠮᠳᠤ ᠨᠦᠬᠦᠳ ᠢᠶᠠᠨ ᠰᠠᠨᠠᠭᠠᠯᠵᠠᠨᠠᠮ | ᠲᠦᠳᠡᠬᠡᠨ ᠲᠡᠬᠦᠰᠦᠬᠡᠳ ᠦᠪᠡᠷ ᠦᠪᠡᠷ ᠤᠨ ᠵᠤᠷᠢᠯᠭ᠎ᠠ ᠪᠠᠷ ᠢᠶᠠᠨ ᠤᠳᠤᠨ᠎ᠠ | ᠲᠦᠬᠡᠷᠢᠭᠰᠡᠨ ᠭᠠᠯᠠᠭᠤ ᠪᠤᠯᠵᠤ ᠨᠢᠬᠡ ᠨᠢ ᠨᠢᠬᠡ ᠲᠡᠰᠢ ᠨᠢᠰᠴᠤ ᠶᠠᠪᠤᠨ᠎ᠠ ᠳ᠋ᠠ | ᠲᠦᠷᠪᠡᠳᠦᠬᠡᠷ ᠪᠠᠶᠢᠷᠢ ᠶᠢᠨ 330 ᠳ᠋ᠤᠭᠠᠷ ᠲᠠᠰᠤᠯᠭᠠᠨ ᠳᠤ ᠪᠢᠳᠡ ᠬᠤᠨᠤᠭᠯᠠᠳᠠᠭ | ᠲᠦᠷᠬᠡᠨ ᠤᠷᠤᠰᠴᠤ ᠦᠩᠬᠡᠷᠡᠭᠰᠡᠨ ᠤᠨ ᠰᠠᠷ᠎ᠠ ᠲᠡᠤᠬᠡ ᠪᠤᠯᠵᠤ ᠲᠡᠮᠳᠡᠭᠯᠡᠭᠳᠡᠭᠰᠡᠨ | ᠲᠦᠷᠪᠡᠨ ᠵᠢᠯ ᠳᠠᠬᠢ ᠪᠠᠶᠠᠷ ᠵᠢᠷᠭᠠᠯ ᠢᠨᠠᠭ ᠲᠤᠷᠠᠯᠠᠯ ᠭᠤᠨᠢᠭ ᠬᠠᠷᠠᠮᠰᠠᠯ ᠪᠦᠬᠦᠨ | ᠲᠦᠷᠡᠯᠵᠡᠨ ᠨᠤᠴᠤᠬᠤ ᠭᠠᠯ ᠪᠤᠯᠵᠤ ᠠᠭᠤᠰᠬᠢ ᠴᠡᠬᠡᠵᠢᠨ ᠳᠤ ᠬᠡᠷᠡᠯᠳᠦᠭᠰᠡᠨ ᠪᠢᠯᠡ | ᠭᠠᠢ ᠲᠤᠮᠳᠠᠭᠤᠷ ᠴᠢᠷᠠᠢ ᠤᠯᠠᠶᠢᠯᠭᠠᠨ ᠬᠦᠯᠴᠦᠬᠦᠷᠡᠵᠦ ᠶᠠᠪᠤᠬᠤ ᠳᠠᠭᠠᠨ | ᠠᠶᠤᠬᠤ ᠶᠠᠭᠤᠮ᠎ᠠ ᠦᠬᠡᠢ ᠪᠠᠷᠳᠠᠮ ᠠᠭᠠᠰᠢᠯᠠᠭᠰᠠᠨ ᠢᠶᠠᠨ ᠪᠤᠤ ᠮᠠᠷᠳᠠᠶ᠎ᠠ | ᠭᠠᠷᠠᠭ ᠤᠨ ᠡᠳᠦᠷ ᠢ ᠬᠤᠷᠢᠶᠠᠩᠭᠤᠶᠢᠯᠠᠵᠤ ᠰᠠᠶᠢᠬᠠᠨ ᠪᠦᠷᠢᠳᠬᠡᠪᠡᠯ | ᠠᠷᠢᠬᠢ ᠤᠤᠭᠤᠭᠰᠠᠨ ᠦᠬᠡᠢ ᠰᠡᠷᠬᠡᠢ ᠶᠠᠪᠤᠭᠰᠠᠨ ᠨᠢ ᠲᠤᠭᠠᠳᠠᠢ ᠪᠢᠯᠡ | ᠲᠦᠷᠪᠡᠨ ᠵᠢᠯ ᠤᠨ ᠤᠶᠤᠳᠠᠨ ᠠᠮᠢᠳᠤᠷᠠᠯ ᠬᠤᠷᠳᠤᠨ ᠪᠠᠶᠢᠪᠠᠤ︖ | ᠲᠦᠴᠢᠨ ᠰᠠᠷ᠎ᠠ ᠰᠢᠬᠠᠮ ᠰᠤᠷᠭᠠᠭᠤᠯᠢ ᠶᠢᠨ ᠬᠦᠷᠢᠶᠡᠨ ᠳᠤ ᠰᠢᠷᠢᠯᠳᠦᠭᠰᠡᠨ | ᠰᠤᠷᠤᠭᠰᠠᠨ ᠨᠢ ᠪᠠᠭ᠎ᠠ ᠴᠤ ᠲᠠᠰᠤᠯᠴᠠᠭᠰᠠᠨ ᠨᠢ ᠪᠠᠭ᠎ᠠ ᠶᠤᠮ ᠤᠤ︖ | ᠰᠤᠷᠤᠭᠴᠢ ᠨᠠᠰᠤᠨ ᠳᠤ ᠬᠠᠮᠤᠭ ᠵᠢᠷᠭᠠᠯᠳᠠᠢ ᠦᠶ᠎ᠡ ᠮᠢᠨᠢ ᠪᠠᠶᠢᠭᠰᠠᠨ︕ | ᠠᠯᠭᠧᠪᠷᠠ ᠠᠴᠠ ᠢᠯᠭᠠᠷᠠᠯ ᠴᠤᠮᠬᠠᠳᠬᠠᠯ ᠬᠦᠷᠳᠡᠯ᠎ᠡ | ᠠᠪᠤ ᠶᠢᠨ ᠤᠯᠠᠨ ᠬᠡᠤᠬᠡᠳ ᠪᠠᠶᠠᠰᠴᠤ ᠶᠠᠪᠤᠯ᠎ᠠ ᠵᠤᠪᠠᠵᠤ ᠦᠵᠡᠯ᠎ᠡ | ᠴᠢᠩᠭ᠎ᠠ ᠨᠢᠮᠪᠠᠢ ᠲᠤᠮᠢᠶ᠎ᠠ ᠪᠠᠳᠤᠶᠤᠰᠤ ᠪᠠᠨ ᠡᠵᠡᠮᠰᠢᠬᠦ ᠦᠬᠡᠢ ᠪᠤᠯ | ᠴᠢᠨᠠᠳᠤ ᠬᠦᠪᠡᠬᠡᠨ ᠳᠤ ᠨᠢ ᠬᠦᠷᠴᠤ ᠴᠢᠳᠠᠬᠤ ᠦᠬᠡᠢ ᠵᠢᠪᠪᠦᠨᠡ ᠰᠢᠤ | ᠨᠢᠬᠡ ᠨᠠᠰᠤᠨ ᠳᠠᠭᠠᠨ ᠬᠢᠵᠦ ᠴᠢᠳᠠᠬᠤ ᠦᠬᠡᠢ ᠰᠡᠳᠤᠪ ᠪᠤᠢ | ᠨᠢᠭᠳᠠᠯᠠᠭᠰᠠᠨ ᠦᠬᠡᠢ ᠬᠡᠵᠦ ᠪᠤᠤ ᠰᠠᠨᠠ ᠨᠦᠬᠦᠤᠨ ᠨᠠᠷ ᠡ | ᠨᠢᠬᠡ ᠰᠤᠮᠤᠨ ᠤ ᠠᠩᠬ᠎ᠠ ᠲᠤᠮᠳᠠᠳᠤ ᠶᠢᠨ ᠲᠤᠭᠠᠨ ᠤ ᠤᠷᠤᠯᠳᠤᠭᠠᠨ ᠳᠤ | ᠨᠢᠬᠡᠳᠤᠬᠡᠷ ᠲᠤ ᠲᠤᠳᠤᠷᠠᠬᠤ ᠳᠤ ᠤᠯᠠᠨ ᠬᠦᠮᠦᠨ ᠪᠠᠭ᠋ᠠᠷᠬᠠᠵᠤ ᠬᠠᠷᠠᠭᠰᠠᠨ | ᠲᠤᠭ᠎ᠠ ᠰᠤᠷᠴᠤ ᠰᠢᠯᠦᠭ ᠪᠢᠴᠢᠭᠰᠡᠨ ᠬᠦᠮᠦᠨ ᠪᠢ ᠪᠠᠶᠢᠯ᠎ᠠ | ᠲᠤᠮᠢᠶ᠎ᠠ ᠠᠴᠠ ᠮᠦᠷᠳᠡᠵᠦ ᠪᠠᠳᠤᠶᠤᠰᠤ ᠤᠯᠳᠠᠭ ᠬᠦᠮᠦᠨ ᠪᠢᠳᠡ ᠪᠠᠶᠢᠯ᠎ᠠ | ᠲᠤᠭᠤᠯᠠᠩ ᠰᠢᠯᠦᠭ ᠢ ᠮᠢᠨᠢ ᠰᠤᠨᠢᠨ ᠰᠡᠳᠬᠦᠯ ᠬᠠᠶᠠ ᠨᠡᠶᠢᠳᠡᠯᠡᠳᠡᠭ ᠪᠠᠶᠢᠯ᠎ᠠ | ᠲᠤᠭᠠᠳᠠᠢ ᠦᠭᠳᠡᠭ ᠬᠠᠷᠠᠮᠵᠢ ᠪᠠᠷ ᠨᠢ ᠪᠢᠳᠡ ᠬᠡᠳᠦᠬᠦᠯᠡ ᠨᠠᠶᠢᠷᠯᠠᠯᠳᠤᠳᠠᠭ ᠪᠠᠶᠢᠯ᠎ᠠ | ᠪᠠᠭᠰᠢ ᠶᠢᠨ ᠶᠡᠭᠡ ᠰᠤᠷᠭᠠᠭᠤᠯᠢ ᠨᠠᠳᠠ ᠬᠠᠯᠠᠭᠤᠬᠠᠨ ᠬᠠᠨᠳᠤᠳᠠᠭ ᠪᠠᠶᠢᠭᠰᠠᠨ | ︽ᠪᠠᠭᠰᠢ ᠶᠢᠨ ᠪᠠᠶᠠᠷ︾ ᠲᠤ ᠵᠤᠷᠢᠭᠤᠯᠤᠭᠰᠠᠨ ᠵᠤᠬᠢᠶᠠᠯ ᠤᠨ ᠤᠷᠤᠯᠳᠤᠭᠠᠨ ᠳᠤ | ᠪᠠᠶᠢᠷᠢ ᠪᠠᠷ ᠲᠡᠷᠢᠬᠦᠨ ᠲᠡᠰ ᠤᠨ ᠱᠠᠩᠨᠠᠯ ᠢ ᠤᠯᠭᠤᠭᠰᠠᠨ ᠪᠢᠯᠡ | ᠪᠠᠶᠢᠳᠠᠭ ᠰᠠᠯᠪᠤᠷᠢ ᠳᠤ ᠡᠨᠡ ᠲᠠᠯ᠎ᠠ ᠶᠢᠨ ᠲᠡᠮᠳᠡᠭᠯᠡᠯ ᠢ ᠡᠬᠦᠳᠦᠭᠰᠡᠨ ᠪᠢᠯᠡ | ᠨᠠᠮᠤᠷ ᠤᠨ ᠬᠤᠩᠭᠤᠷ ᠵᠢᠪᠡᠷ ᠰᠠᠨᠠᠭᠠᠨ ᠤ ᠨᠢᠭᠳᠠᠷᠠᠯ ᠢ ᠬᠡᠳᠡᠬᠡᠯᠡᠨ | ᠨᠠᠷᠠᠯᠠᠭ ᠬᠤᠷᠸ᠎ᠠ ᠳᠤ ᠴᠢ ᠪᠢᠳᠠ ᠠᠳᠠᠯᠢᠬᠠᠨ ᠲᠠᠳᠤᠯᠭ᠎ᠠ ᠬᠢᠭᠰᠡᠨ | ᠨᠠᠯᠠᠭᠠᠷ ᠬᠦᠳᠡᠭᠡ ᠶᠢᠨ ᠬᠦᠬᠡᠷᠦᠬᠦᠨ ᠬᠡᠤᠬᠡᠳ ᠲᠤ ᠮᠦᠷ ᠲᠤᠷᠠᠶᠢᠯᠭᠠᠵᠤ | ᠨᠠᠭᠠᠳᠴᠤ ᠲᠤᠭᠯᠠᠬᠤ ᠨᠠᠰᠤᠨ ᠳᠤ ᠨᠢ ᠰᠤᠷᠤᠯᠴᠠᠬᠤ ᠶᠢᠨ ᠰᠠᠶᠢᠨ ᠢ ᠮᠡᠳᠡᠬᠦᠯᠦᠭᠰᠡᠨ | ᠠᠮᠢᠳᠤᠷᠠᠯ ᠬᠦᠮᠦᠨ ᠪᠦᠬᠦᠨ ᠳᠤ ᠲᠡᠭᠰᠢ ᠪᠠᠷ ᠬᠠᠨᠳᠤᠳᠠᠭ ᠪᠢᠯᠡ | ᠠᠪᠤ ᠶᠢᠨ ᠤᠯᠠᠨ ᠬᠡᠤᠬᠡᠳ ᠠᠯᠠᠭ᠎ᠠ ᠪᠠᠨ ᠲᠤᠰᠬᠤ ᠨᠢ ᠠᠳᠠᠯᠢ ᠦᠬᠡᠢ ᠶᠤᠮ | ᠠᠮᠠᠷᠠᠭ ᠬᠠᠶᠢᠷ᠎ᠠ ᠠᠵᠢᠯ ᠦᠢᠯᠡᠰ ᠠᠷᠢᠭᠤᠨ ᠮᠠᠬᠠᠪᠤᠤᠨ ᠶᠡᠷᠤᠨᠢ | ᠠᠯᠢ ᠶᠢ ᠨᠢ ᠠᠪᠤᠪᠠᠴᠤ ᠪᠤᠯᠤᠨ᠎ᠠ ᠬᠡᠵᠦ ᠬᠦᠯᠢᠶᠡᠭᠰᠡᠨ ᠲᠡᠬᠡᠷ᠎ᠡ ᠬᠦᠯᠢᠶᠡᠭᠰᠡᠨ | ᠠᠶᠠᠭ᠎ᠠ ᠪᠠᠷ ᠬᠦᠨᠳᠦᠷᠦᠭᠰᠡᠨ ᠠᠷᠢᠬᠢᠨ ᠲᠤᠳᠤᠷ᠎ᠠ ᠬᠠᠮᠳᠤ ᠨᠦᠬᠦᠤᠨ ᠪᠤᠢ | ︽ᠠᠷᠪᠠᠨ ᠵᠢᠯ ᠁︾ ᠬᠡᠵᠦ ᠬᠦᠭᠯᠡᠭᠰᠡᠨ ᠲᠠᠭᠤᠨ ᠳᠤ ᠬᠠᠮᠳᠤ ᠨᠦᠬᠦᠤᠨ ᠪᠤᠢ | ᠠᠷᠭ᠎ᠠ ᠦᠬᠡᠢ ᠬᠦᠶᠦᠬᠦ ᠬᠤᠯᠠ ᠬᠦᠶᠦᠳᠡᠯ ᠳᠤ ᠬᠠᠮᠳᠤ ᠨᠦᠬᠦᠤᠨ ᠪᠤᠢ | ᠠᠰᠢᠳᠠ ᠶᠢᠨ ᠲᠤᠷᠠᠰᠬᠠᠯ ᠬᠠᠮᠳᠤ ᠶᠢᠨ ᠰᠡᠬᠦᠳᠡᠷ ᠮᠢᠨᠦ ᠨᠦᠬᠦᠤᠨ ᠪᠢᠯᠡ | ᠭᠤᠴᠢᠨ ᠵᠢᠯ ᠦᠩᠬᠡᠷᠡᠴᠢᠬᠡᠯᠡ ᠴᠤ ᠦᠴᠦᠬᠡᠳᠦᠷᠬᠡᠨ ᠠᠭᠤᠯᠵᠠᠭᠰᠠᠨ ᠰᠢᠭ᠋ | ᠭᠤᠨᠢᠭ ᠪᠠᠶᠠᠰᠤᠯ ᠲᠠᠢ ᠠᠮᠢᠳᠤᠷᠠᠯ ᠤᠨ ᠵᠠᠮ ᠲᠦᠷᠬᠡᠨ ᠰᠢᠤ ᠲᠦᠷᠬᠡᠨ ᠦᠩᠬᠡᠷᠡᠨᠠ ᠳ᠋ᠠ | ᠭᠠᠩᠭᠠᠨ ᠰᠠᠶᠢᠬᠠᠨ ᠠᠩᠬᠢ ᠶᠢᠨ ᠮᠢᠨᠢ ᠦᠬᠢᠳ ᠡᠷᠡᠬᠦᠯ ᠢᠶᠠᠷ ᠢᠶᠠᠨ ᠪᠠᠶᠢᠨᠠᠤ︖ | ᠭᠠᠭᠴᠠᠬᠠᠨ ᠰᠢᠤ ᠬᠤᠸ᠋ᠨ ᠴᠢᠨᠢ ᠠᠶᠠᠷᠯᠠᠭᠠᠳ ᠤᠷᠤᠨ ᠪᠠᠶᠢᠷᠢ ᠪᠠᠨ ᠤᠯᠴᠢᠬᠠᠭᠰᠠᠨ ᠪᠢᠵᠠ︖ | ᠮᠤᠲ᠋ᠤᠷ ᠲᠡᠷᠬᠡ ᠪᠠᠷ ᠤᠷᠭᠤᠭ᠎ᠠ ᠮᠤᠳᠤ ᠶᠢ ᠲᠠᠭᠠᠷᠢᠵᠤ ᠦᠵᠡᠨ᠎ᠡ ᠬᠡᠰᠡᠨ ᠰᠢᠭ | ᠮᠦᠩᠬᠦᠨᠪᠤᠯᠤ ᠠᠷᠪᠠᠨ ᠵᠢᠯ ᠤᠨ ᠡᠮᠦᠨ᠎ᠡ ᠠᠯᠪᠠᠳᠠᠨ ᠪᠠᠶᠢᠬᠤ ᠳᠠᠭᠠᠨ ᠠᠳᠡᠴᠢᠬᠡᠭᠰᠡᠨ ᠶᠤᠮ | ᠮᠤᠷᠠᠯ ᠰᠤᠷᠳᠠᠯ ᠢᠶᠠᠷ ᠮᠠᠭᠤᠬᠠᠢ ᠴᠤᠯᠠ ᠲᠠᠢ ᠬᠦᠮᠦᠨ ᠨᠢᠬᠡᠴᠤ ᠭᠠᠷᠤᠭ᠎ᠠ ᠦᠬᠡᠢ | ᠮᠦᠩᠬᠡ ᠲᠡᠭᠷᠢ ᠶᠢᠨ ᠪᠤᠶᠠᠨ ᠬᠡᠰᠢᠭ ᠢ ᠨᠢ ᠪᠢᠳᠠ ᠬᠠᠮᠳᠤ ᠪᠠᠷ ᠡᠳ᠋ᠯᠡᠭᠰᠡᠨ ᠰᠢᠤ ᠳ᠋ᠠ | ᠡᠷᠬᠢᠴᠡᠬᠦᠯᠵᠦ ᠪᠤᠳᠤᠬᠤᠶ᠎ᠠ ᠡᠩᠬᠡ ᠶᠢᠨ ᠲᠡᠭᠷᠢ ᠡᠬᠦᠯᠡ ᠦᠬᠡᠢ ᠲᠤᠩᠭᠠᠯᠠᠭᠰᠢᠯᠠ | ᠡᠷᠬᠢᠮ ᠵᠡᠷᠬᠡ᠂ ᠡᠳ᠋ ᠪᠤᠶᠠᠨ ᠴᠢᠨᠢ ᠦᠰᠬᠦ ᠲᠤᠳᠤᠮ ᠦᠨᠡᠨ ᠬᠠᠶᠢᠷ᠎ᠠ ᠪᠠᠨ ᠨᠠᠨᠳᠢᠩᠨᠠᠭᠠᠷᠠᠢ | ᠡᠯᠳᠡᠪ ᠰᠠᠶᠢᠬᠠᠨ ᠰᠤᠨᠤᠰᠬᠠᠯ ᠡᠪ ᠬᠠᠪᠤ ᠲᠠᠢ ᠵᠦᠢᠯ ᠢᠶᠠᠨ ᠲᠠᠮᠵᠢᠭᠤᠯᠵᠤ ᠪᠠᠶᠢᠭᠠᠷᠠᠢ | ᠡᠨᠡ ᠬᠤᠷᠸ᠎ᠠ ᠳᠤ ᠦᠬᠡᠶᠢᠯᠡᠵᠦ ᠶᠠᠪᠤᠬᠤ ᠶᠤᠮ ᠰᠢᠤ ᠬᠠᠮᠳᠤ ᠨᠦᠬᠦᠤᠨ ᠴᠢᠨᠢ︕ ᠁ | ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ | ᠲᠡᠪᠰᠢᠭᠦᠯᠦᠭᠰᠡᠨ ᠨᠢ᠄ ᠤᠶᠠᠬᠠᠨ |