ᠨᠠᠷᠠᠨ ᠵᠢᠷᠭᠠᠬᠤᠶ᠎ᠠ
ᠨᠡᠶᠢᠲᠡᠯᠡᠭᠰᠡᠨ ᠴᠠᠭ᠄
2020/12/21
      ᠭᠦᠮᠤᠰ ᠮᠠᠨᠳᠤᠬᠤ ᠨᠠᠷᠠᠨ ᠳᠤ ᠰᠦᠵᠢᠭᠯᠡᠨ ᠢᠳᠡᠭᠡᠯ ᠭᠦᠰᠡᠯ ᠢᠶᠠᠨ ᠲᠠᠭᠠᠳᠬᠠᠨ᠂ ᠰᠠᠨᠠᠵᠤ ᠪᠤᠳᠤᠬᠰᠡᠨ ᠢᠶᠠᠨ ᠪᠡᠯᠭᠡᠳᠡᠳᠡᠭ᠃ ᠲᠡᠭᠡᠳᠤ ᠲᠤᠮᠳᠠᠳᠤ ᠳᠤ ᠪᠠᠶᠢᠬᠤ ᠳᠠᠭᠠᠨ ᠰᠤᠷᠤᠬᠰᠡᠨ ︽ᠲᠠᠶᠢᠱᠠᠨ ᠠᠭᠤᠯᠠᠨ ᠳᠤ ᠭᠠᠷᠤᠭᠠᠳ ᠨᠠᠷᠠ ᠮᠠᠨᠳᠤᠬᠤ ᠶᠢ ᠦᠵᠡᠭᠦ ᠦᠭᠡᠢ ᠪᠤᠯ ᠭᠤᠤᠯ ᠭᠠᠳᠤᠯᠤᠭᠠᠳ ᠮᠤᠷᠢ ᠪᠠᠨ ᠤᠰᠤᠯᠠᠬᠰᠡᠨ ᠦᠭᠡᠢ ᠲᠠᠢ ᠠᠳᠠᠯᠢ︾ ᠬᠡᠮᠡᠭᠰᠡᠨ ᠶᠠᠩ ᠱᠦᠸᠧ ᠶᠢᠨ ᠵᠤᠬᠢᠶᠠᠯ ᠦᠷᠭᠦᠯᠵᠢ ᠪᠤᠳᠤᠬᠳᠠᠳᠠᠭ᠃ ᠨᠠᠷᠠ ᠮᠠᠨᠳᠤᠬᠤ ᠶᠢ ᠦᠵᠡᠭᠦ ᠨᠢ ᠭᠦᠮᠤᠰ ᠠᠵᠢᠯ ᠠᠮᠢᠳᠤᠷᠠᠯ ᠢᠶᠠᠨ ᠦᠭᠡᠳᠠ ᠡᠰᠡᠷᠡᠭ ᠦᠩᠭᠡ ᠲᠠᠢ ᠭᠡᠷᠡᠯ ᠲᠠᠢ ᠭᠡᠶᠢᠮᠤᠷᠢ ᠵᠢᠪᠬᠤᠭ᠎ᠠ ᠲᠠᠢ ᠠᠪᠴᠦ ᠶᠠᠪᠤᠬᠤ ᠶᠢ ᠰᠦᠰᠦᠭᠯᠡᠨ ᠲᠠᠭᠠᠳᠬᠠᠬᠰᠡᠨ ᠶᠠᠪᠤᠳᠠᠯ ᠪᠠᠶᠢᠬ᠎ᠠ ᠭᠡᠵᠤ ᠪᠤᠳᠤᠬᠤ ᠶᠤᠮ᠃ ᠭᠡᠳᠡᠯ᠎ᠠ ᠪᠢ ᠮᠠᠨᠳᠤᠬᠤ ᠨᠠᠷᠠ ᠶᠢ ᠦᠵᠡᠭᠡᠳ ᠪᠢᠰᠢ᠂ ᠬᠠᠷᠢᠨ ᠭᠦᠬᠡᠬᠤᠳᠠ ᠤᠷᠤᠵᠤ ᠭᠡᠳᠤ ᠬᠤᠨᠤᠭᠠᠳ ᠪᠤᠴᠠᠬᠤ ᠵᠠᠮ ᠳᠠᠭᠠᠨ ᠶᠠᠷᠤ ᠦᠵᠡᠭᠡ ᠦᠭᠡᠢ ᠲᠠᠯ᠎ᠠ ᠶᠢᠨ ᠲᠡᠷᠳᠡᠭᠡ ᠳᠤ ᠨᠠᠷᠠ ᠵᠢᠷᠭᠠᠵᠦ ᠪᠠᠶᠢᠬᠤ ᠶᠢ ᠬᠠᠷᠠᠭᠠᠳ᠂ ᠳᠡᠬᠦᠨ ᠤ ᠭᠠᠶᠢᠬᠠᠮᠰᠢᠬᠳᠠᠢ ᠦᠵᠡᠭᠳᠡᠯ ᠢ ᠪᠢᠴᠢᠵᠤ ᠪᠠᠶᠢᠭ᠎ᠠ ᠨᠢ ᠡᠨᠡ ᠪᠢᠯᠠ᠃       ᠦᠳᠠ ᠶᠢᠨ ᠦᠶ᠎ᠠ ᠪᠠᠷ ᠭᠦᠭᠡᠬᠤᠳᠠ ᠠᠴᠠ ᠭᠠᠷᠴᠤ ᠪᠠᠷᠠᠭᠤᠨᠰᠢ ᠴᠠᠷᠳᠠᠮᠠᠯ ᠵᠠᠮ ᠢᠶᠠᠷ ᠮᠠᠰᠢᠨ ᠲᠡᠷᠭᠡ ᠪᠠᠷ ᠲᠠᠪᠬᠢᠬᠰᠠᠭᠠᠷ ᠪᠤᠷᠤ ᠲᠤᠬᠤᠢ ᠶᠢᠨ ᠪᠠᠷ᠎ᠠ ᠬᠠᠷᠠᠭᠳᠠᠳᠠᠯ᠎ᠠ ᠶᠠᠪᠤᠬᠤ ᠳᠤ ᠠᠶᠠᠨ ᠤ ᠠᠯᠵᠢᠶᠠᠯ ᠬᠦᠷᠦᠨ᠎ᠠ᠃ ᠦᠪᠡᠷ ᠤᠨ ᠡᠷᠭᠡ ᠦᠭᠡᠢ ᠴᠠᠭ ᠢᠶᠠᠨ ᠬᠠᠷᠠᠬᠤᠯᠠᠷ ᠦᠳᠠ ᠶᠢᠨ ᠬᠤᠶᠢᠨᠡᠬᠢ ᠲᠠᠪᠤᠨ ᠴᠠᠭ ᠠᠷᠪᠠᠨ ᠲᠠᠪᠤᠨ ᠮᠢᠨᠦ᠋ᠲ ᠪᠤᠯᠤᠭᠰᠠᠨ ᠢ ᠮᠡᠳᠡᠵᠦ᠂ ᠭᠡᠷ ᠲᠤ ᠭᠦᠷᠭᠦ ᠴᠠᠭ ᠢᠶᠠᠨ ᠲᠦᠰᠤᠭᠡᠯᠡᠨ ᠴᠤᠩᠬᠤ ᠪᠠᠷ ᠭᠠᠳᠠᠬᠰᠢ ᠬᠠᠷᠬᠤ ᠳᠤ ᠦᠳᠡ ᠶᠢᠨ ᠨᠠᠷᠠ ᠬᠠᠵᠠᠶᠢᠨ ᠤᠪ ᠤᠯᠠᠭᠠᠨ ᠲᠦᠪ ᠲᠦᠭᠦᠷᠢᠭ ᠪᠤᠯᠤᠭᠠᠳ ᠨᠢᠳᠤ ᠬᠢᠯᠠᠰᠤᠮ᠎ᠠ ᠬᠤᠷᠴᠠ ᠭᠡᠷᠠᠯ ᠢᠶᠠᠨ ᠬᠤᠷᠢᠶᠠᠬᠰᠠᠭᠠᠷ ᠡᠶᠡᠷᠪᠡᠭᠦᠤ ᠭᠡᠷᠡᠯ ᠢᠯᠴᠢ ᠪᠠᠷ ᠢᠶᠠᠨ ᠡᠭᠡ ᠲᠡᠯᠡᠭᠡᠢ ᠶᠢ ᠨᠦᠮᠦᠷᠢᠪᠡ᠃ ᠡᠨᠡ ᠭᠱᠠᠨ ᠢ ᠳᠤᠯᠢᠳᠠᠬᠤ ᠳᠤ ᠦᠭᠡ ᠪᠠᠷ ᠢᠯᠡᠳᠬᠡᠰᠢ ᠦᠬᠡᠢ᠂ ᠰᠡᠳᠬᠢᠯ ᠲᠤᠬᠳᠤᠯᠬᠤ ᠠᠴᠠ ᠦᠬᠡᠷ᠎ᠠ ᠠᠷᠭ᠎ᠠ ᠦᠬᠡᠢ᠂ ᠤᠷᠠᠨ ᠵᠢᠷᠤᠭᠠᠴᠢ ᠶᠢᠨ ᠤᠷᠠᠯᠠᠨ ᠪᠦᠳᠤᠭᠡᠭᠰᠡᠨ ᠲᠠᠷᠠ ᠪᠤᠳᠤᠬᠳᠤ ᠵᠢᠷᠤᠭ ᠢ ᠭᠠᠶᠢᠬᠠᠰᠢᠷᠡᠨ ᠰᠢᠷᠳᠡᠯ᠎ᠠ᠃       ᠨᠠᠷᠠ ᠲᠡᠭᠷᠢ ᠶᠢᠨ ᠬᠤᠷᠮᠤᠢ ᠰᠢᠭᠦᠷᠡᠭᠦ ᠲᠤᠳᠤᠮ ᠲᠤᠮᠤᠷᠠᠨ ᠲᠦᠭᠦᠷᠢᠭᠯᠡᠭᠦ ᠨᠢ ᠡᠭᠡ ᠭᠠᠵᠠᠷ ᠲᠠᠢ ᠵᠢᠰᠢᠶᠠᠨ ᠤ ᠰᠤᠯᠢᠯᠴᠠᠭ᠎ᠠ ᠬᠢᠵᠤ ᠪᠠᠶᠢᠭ᠎ᠠ ᠮᠡᠳᠤ ᠠᠯᠭᠤᠷ ᠠᠭᠠᠵᠢᠮ ᠢᠶᠠᠷ ᠲᠤᠷᠤᠬᠰᠢᠯᠠᠬᠤ ᠶᠢᠨ ᠭᠱᠠᠨ᠎ᠠ ᠭᠡᠳᠤᠨ ᠵᠤᠷᠪᠤᠰ ᠴᠡᠩᠬᠡᠷ ᠡᠭᠦᠯᠡ ᠬᠠᠮᠢᠭ᠎ᠠ ᠠᠴᠠ ᠭᠠᠷᠴᠤ ᠢᠷᠡᠭᠰᠡᠨ ᠢ ᠪᠤᠤ ᠮᠡᠳᠠ᠃ ᠨᠠᠷᠠᠨ ᠤ ᠰᠠᠴᠤᠷᠠᠭ ᠲᠠᠢ ᠨᠡᠶᠢᠯᠡᠨ ᠭᠤᠸ᠎ᠠ ᠦᠵᠡᠰᠭᠦᠯᠡᠩ ᠪᠦᠷᠢᠳᠦᠨ᠎ᠠ᠃ ᠲᠡᠭᠡᠵᠤ ᠭᠠᠶᠢᠬᠠᠰᠢ ᠠᠯᠳᠠᠨ ᠨᠢᠳᠤ ᠴᠠᠪᠴᠢᠯ ᠦᠭᠡᠢ ᠬᠠᠷᠠᠵᠤ ᠪᠠᠶᠢᠳᠠᠯ᠎ᠠ ᠡᠭᠦᠯᠡᠰ ᠡᠪᠭᠡᠷᠡᠯᠳᠤᠨ ᠨᠠᠷᠠ ᠶᠢ ᠲᠤᠮᠳᠠᠭᠤᠷ ᠨᠢ ᠪᠦᠰᠡᠯᠡᠨ ᠠᠪᠴᠤ ᠭᠠᠵᠠᠷ ᠤᠷᠤᠭᠤ ᠤᠨᠠᠬᠤ ᠠᠴᠠ ᠪᠤᠯᠭᠤᠮᠵᠢᠯᠠᠬᠰᠡᠨ ᠰᠢᠭ᠋ ᠴᠡᠩᠭᠡᠷ ᠲᠤᠷᠳᠤᠩ ᠪᠦᠰᠠ ᠪᠠᠷ ᠤᠭᠤᠰᠤᠷᠯᠠᠵᠤ ᠲᠤᠬᠳᠠᠭᠠᠬᠰᠡᠨ ᠮᠡᠳᠦ ᠬᠠᠷᠠᠬᠳᠠᠯ᠎ᠠ᠃ ᠦᠵᠡᠳᠡᠯ᠎ᠠ ᠲᠡᠷᠳᠡᠭᠡ ᠲᠡᠭᠷᠢ ᠶᠢᠨ ᠬᠠᠶᠠᠭᠠᠨ ᠳᠤ ᠭᠠᠯ ᠤᠯᠠᠭᠠᠨ ᠪᠦᠮᠪᠦᠭᠡ ᠴᠡᠩᠭᠡᠷ ᠬᠠᠳᠠᠭ ᠠᠴᠠ ᠪᠠᠨ ᠮᠤᠯᠳᠤᠷᠠᠨ ᠭᠠᠵᠠᠷ ᠤᠨ ᠲᠦᠪᠰᠢᠨ ᠳᠤ ᠥᠢᠷᠡᠳᠤᠭᠰᠠᠨ ᠨᠢ ᠡᠭᠡᠭᠡ ᠯᠠ ᠲᠡᠩᠨᠡᠭᠦᠷ ᠲᠡᠭᠡᠷ᠎ᠠ ᠲᠠᠯᠪᠢᠬᠰᠡᠨ ᠪᠦᠮᠪᠦᠭᠡ ᠭᠡᠮᠡᠷ ᠰᠠᠨᠠᠭᠠᠨ ᠳᠤ ᠤᠷᠤᠮ᠎ᠠ ᠦᠭᠡᠢ ᠦᠵᠡᠮᠵᠢ ᠪᠠᠷ ᠲᠤᠶᠠᠭᠠᠷᠠᠬᠤ ᠳᠤ ᠴᠡᠩᠭᠡᠷ ᠬᠠᠳᠠᠭ ᠤᠨ ᠴᠠᠭᠠᠭᠤᠷ ᠰᠢᠷ᠎ᠠ ᠤᠯᠠᠪᠢᠷ ᠲᠤᠶᠠᠭ᠎ᠠ ᠲᠠᠳᠠᠵᠤ ᠤᠯᠠᠮ ᠴᠦ ᠭᠤᠶᠢᠳᠠ ᠬᠠᠷᠠᠬᠳᠠᠬᠤ ᠳᠤ ᠨᠢ ᠵᠢᠷᠤᠭᠡ ᠲᠤᠯᠬᠢᠰᠴᠤ᠂ ᠤᠷᠠᠨ ᠵᠢᠷᠤᠭᠠᠴᠢ ᠪᠢᠰᠢ ᠳᠡᠭᠡᠨ ᠳᠤᠩ ᠴᠦ ᠬᠠᠷᠠᠮᠰᠠᠯ᠎ᠠ᠂ ᠢᠷᠠᠭᠤ ᠨᠠᠶᠢᠷᠠᠬᠴᠢ ᠪᠢᠰᠢ ᠳᠡᠭᠡᠨ ᠴᠦ ᠭᠤᠳᠤᠷᠠᠯ᠎ᠠ ᠁       ᠲᠦᠳᠡᠯ ᠦᠭᠡᠢ ᠨᠠᠷᠠ ᠨᠢᠬᠡᠮᠦᠰᠦᠨ ᠭᠠᠵᠠᠷ ᠯᠤᠭ᠎ᠠ ᠠᠭᠤᠰᠤᠯᠴᠠᠨ ᠲᠠᠯ᠎ᠠ ᠶᠢᠨ ᠲᠤᠮᠳᠠᠭᠤᠷ ᠤᠯᠠᠭᠠᠨ ᠲᠤᠷᠳᠤᠩ ᠠᠯᠴᠢᠭᠤᠷ ᠲᠡᠯᠭᠡᠭᠰᠡᠨ᠎ᠠ ᠨᠡᠶᠢᠳᠠᠮ ᠳᠡᠭᠡᠨ ᠤᠯᠠᠶᠢᠵᠤ᠂ ᠬᠠᠮᠤᠭ ᠰᠡᠭᠦᠯᠴᠢ ᠶᠢᠨ ᠭᠡᠷᠡᠯ ᠭᠡᠭᠡ ᠪᠠᠨ ᠦᠯᠡᠳᠡᠭᠡᠨ ᠤᠳᠤᠨ᠎ᠠ᠃ ᠨᠠᠷᠠ ᠲᠠᠢ ᠬᠠᠮᠳᠦ ᠪᠠᠶᠢᠯᠴᠠᠬᠤ ᠬᠡᠭᠴᠢ ᠶᠠᠭᠤᠳᠠᠢ ᠠᠵᠠ ᠵᠢᠷᠭᠠᠯ ᠪᠢᠯᠡ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2