ᠲᠦᠬᠢᠮ᠎ᠠ ᠡᠵᠢ
ᠨᠡᠶᠢᠲᠡᠯᠡᠭᠰᠡᠨ ᠴᠠᠭ᠄
2019-11-19
      ᠲᠦᠬᠢᠮ᠎ᠠ ᠡᠵᠢ᠂ ᠡᠬᠡᠯ ᠵᠢᠷ ᠤᠨ ᠮᠤᠩᠭᠤᠯ ᠪᠦᠰᠡᠬᠦᠢ᠂᠂᠂᠂᠂᠂       ᠲᠦᠬᠢᠮ᠎ᠠ ᠡᠵᠢ᠂ ᠡᠬᠡ ᠲᠡᠯᠡᠬᠡᠢ ᠶᠢ ᠬᠠᠶᠢᠷ᠎ᠠ ᠪᠠᠷ ᠤᠶᠠᠰᠬᠠᠭᠰᠠᠨ ᠦᠷᠦᠪᠴᠢᠬᠡᠨ ᠰᠡᠳᠬᠢᠯᠳᠦ ᠮᠤᠩᠭᠤᠯ ᠡᠵᠢ᠃       ᠪᠦᠬᠦᠳᠠ ᠨᠠᠶᠢᠷᠠᠮᠳᠠᠬᠤ ᠲᠤᠮᠳᠠᠳᠦ ᠠᠷᠠᠳ ᠤᠯᠤᠰ ᠪᠠᠶᠢᠭᠤᠯᠤᠭᠳᠠᠭᠰᠠᠨ ᠲᠡᠯᠡᠨ ᠵᠢᠯ ᠤᠨ ᠤᠢ ᠪᠠᠷ ᠨᠠᠶᠢᠰᠯᠡᠯ ᠪᠡᠬᠡᠵᠢᠩ ᠳᠤ ᠬᠦᠷᠴᠦ᠂ ᠨᠠᠮ ᠤᠨ ᠲᠦᠪ ᠬᠤᠷᠢᠶᠠᠨ ᠤ ᠶᠡᠷᠦᠩᠭᠡᠢ ᠱᠦᠵᠢ᠂ ᠤᠯᠤᠰ ᠤᠨ ᠲᠡᠷᠢᠬᠦᠯᠡᠭᠴᠢ ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠨᠦᠬᠦᠷ ᠤᠨ ᠭᠠᠷ ᠠᠴᠠ ︽ᠠᠷᠠᠳ ᠤᠨ ᠵᠢᠱᠢᠶᠡᠴᠢ︾ ᠶᠢᠨ ᠢᠷᠡᠭᠤ ᠠᠯᠳᠠᠷ ᠢ ᠲᠤᠰᠤᠯ᠎ᠡ ᠬᠡᠳᠡᠭ ᠴᠢᠮᠡᠭᠡ ᠲᠠᠯ᠎ᠠ ᠨᠤᠳᠤᠭ ᠢᠶᠠᠷ ᠨᠢᠵᠢᠬᠢᠷ ᠱᠤᠤᠬᠢᠯᠳᠦᠵᠦ᠂ ᠠᠭᠤᠤ ᠬᠠᠶᠢᠷ᠎ᠠ ᠶᠢᠨ ᠦᠷᠦᠪᠴᠢᠬᠡᠨ ᠴᠤᠤᠷᠢᠶ᠎ᠠ ᠠᠯᠤᠰ ᠤᠨ ᠠᠨᠢᠷ ᠲᠤ ᠴᠤᠤᠷᠢᠶᠠᠳᠤᠵᠦ ᠯᠡ ᠪᠠᠶᠢᠯ᠎ᠡ᠃ ᠲᠠᠯ᠎ᠠ ᠨᠤᠳᠤᠭ ᠤᠨ ᠦᠷᠦᠪᠴᠢᠬᠡᠨ ᠰᠡᠳᠬᠢᠯᠳᠦ ᠠᠭᠤᠤ ᠬᠠᠶᠢᠷ᠎ᠠ ᠶᠢᠨ ᠵᠢᠱᠢᠶ᠎ᠠ ᠪᠤᠯᠤᠭᠰᠠᠨ ᠲᠦᠬᠢᠮ᠎ᠡ᠂ ᠮᠤᠩᠭᠤᠯ ᠨᠤᠳᠤᠭ ᠤᠨ ᠰᠠᠷᠠᠭᠤᠯ ᠠᠭᠤᠳᠠᠮ ᠤᠨ ᠲᠤᠰᠬᠠᠯ ᠪᠤᠯᠤᠭᠰᠠᠨ ᠬᠦᠳᠡᠭᠡ ᠡᠵᠢ᠂ ᠡᠬᠡ ᠤᠷᠤᠨ ᠤ ᠨᠢᠩᠵᠢᠨ ᠰᠡᠳᠬᠢᠯ ᠤᠨ ᠦᠯᠢᠬᠡᠷ ᠪᠤᠯᠤᠭᠰᠠᠨ ᠮᠤᠩᠭᠤᠯ ᠪᠦᠰᠡᠬᠦᠢ᠂ ᠠᠷᠠᠳ ᠲᠦᠮᠡᠨ ᠤ ᠲᠠᠭᠤᠷᠢᠶᠠᠯ ᠪᠤᠯᠤᠭᠰᠠᠨ ᠵᠢᠱᠢᠶᠡᠴᠢ ᠡᠬᠡ — ᠲᠠᠯ᠎ᠠ ᠨᠤᠳᠤᠭ ᠤᠨ ᠰᠤᠳᠤᠨ ᠡᠵᠢ ᠲᠦᠬᠢᠮ᠎ᠠ ᠶᠢᠨ ᠤᠶᠠᠩᠭ᠎ᠠ ᠲᠦᠷᠪᠡᠳ ᠤᠨ ᠲᠠᠯ᠎ᠠ ᠠᠴᠠ ᠢᠩᠭᠢᠵᠦ ᠰᠠᠴᠤᠷᠠᠨ᠎ᠠ᠃        ᠠᠷᠪᠡᠨ ᠬᠡᠳᠦᠨ ᠵᠢᠯ ᠤᠨ ᠡᠮᠦᠨ᠎ᠡ᠂ ᠮᠠᠨ ᠤ ᠬᠢᠨ ᠭᠤᠸᠠᠩᠳᠦᠩ ᠤᠨ ᠨᠠᠷᠠᠳᠦ ᠵᠤᠬᠢᠶᠠᠯᠴᠢ᠂ ᠰᠢᠯᠢᠳᠡᠭ ᠰᠤᠷᠪᠤᠯᠵᠢᠯᠠᠭᠴᠢ ︽ᠢᠮᠠᠭᠠᠳᠦ ᠬᠤᠳᠠ ᠶᠢᠨ ᠤᠷᠤᠢ ᠶᠢᠨ ᠰᠤᠨᠢᠨ︾ ᠤ ᠶᠡᠷᠦᠩᠭᠡᠢ ᠨᠠᠶᠢᠷᠠᠭᠤᠯᠤᠭᠴᠢ ᠵᠠᠩ ᠢᠤᠢ ᠬᠠᠩ ᠠᠪᠤᠭᠠᠢ ᠶᠢ ᠤᠷᠢᠵᠦ᠂ ᠰᠤᠷᠭᠠᠭᠤᠯᠢ ᠳᠠᠭᠠᠨ ᠡᠬᠡ ᠤᠷᠤᠨᠴᠢ ᠬᠦᠮᠦᠵᠢᠯ ᠤᠨ ᠢᠯᠡᠳᠬᠡᠯ ᠬᠢᠯᠬᠡᠭᠰᠡᠨ᠃ ᠲᠤᠬᠠᠢ ᠶᠢᠨ ᠦᠶ᠎ᠠ ᠳᠤ ᠡᠮᠦᠨᠡᠳᠦ ᠤᠷᠤᠨ ᠳᠤ ᠨᠠᠰᠦ ᠪᠠᠷ ᠢᠶᠠᠨ ᠠᠵᠢᠯᠯᠠᠭᠰᠠᠨ ᠵᠠᠩ ᠰᠤᠷᠪᠤᠯᠵᠢᠯᠠᠭᠴᠢ ᠠᠴᠠ ︽ᠨᠢᠩᠵᠢᠨ ᠰᠡᠳᠬᠢᠯ︾ ᠬᠡᠬᠦ ᠰᠡᠳᠦᠪ ᠢᠶᠠᠷ ᠲᠦᠬᠢᠮ᠎ᠡ ᠡᠵᠢ ᠶᠢᠨ ᠦᠷᠦᠪᠴᠢᠬᠡᠨ ᠰᠡᠳᠬᠢᠯᠳᠦ ᠲᠠᠯ᠎ᠠ ᠨᠤᠳᠤᠭ ᠤᠨ ᠠᠭᠤᠤ ᠬᠠᠶᠢᠷ᠎ᠠ ᠶᠢ ᠨᠢᠳᠦᠨ ᠳᠤ ᠲᠤᠨᠤᠷᠠᠳᠠᠯ᠎ᠠ᠂ ᠰᠡᠳᠬᠢᠯ ᠳᠤ ᠤᠶᠠᠰᠳᠠᠯ᠎ᠠ ᠶᠠᠷᠢᠬᠤ ᠶᠢ ᠰᠤᠨᠤᠰᠤᠭᠠᠳ᠂ ᠠᠭᠤᠤ ᠬᠠᠶᠢᠷ᠎ᠠ ᠶᠢᠨ ᠲᠠᠭᠤᠯᠠᠯ ᠳᠤᠨᠢ ᠰᠡᠳᠬᠢᠯ ᠤᠶᠠᠷᠠᠵᠦ ᠪᠠᠶᠢᠭᠰᠠᠨ ᠶᠤᠮ᠃ ᠢᠯᠡᠳᠬᠡᠯ ᠤᠨ ᠲᠠᠷᠠᠭ᠎ᠠ ᠠᠵᠠ ᠪᠠᠷ ᠪᠢ ᠵᠠᠩ ᠰᠤᠷᠪᠤᠯᠵᠢᠯᠠᠭᠴᠢ ᠳᠤ ᠪᠠᠷ᠎ᠠ ᠪᠤᠯᠵᠦ᠂ ᠲᠤᠬᠠᠢ ᠶᠢᠨ ᠦᠶ᠎ᠠ ᠳᠤ ᠶᠠᠭ ᠰᠠᠶᠢᠬᠠᠨ ︽ᠦᠪᠦᠷ ᠮᠤᠩᠭᠤᠯ ᠢ ᠲᠤᠩᠰᠤᠯᠭᠠᠭᠰᠠᠨ ᠰᠤᠳᠤᠨ ᠬᠦᠮᠦᠰ︾ ᠲᠧᠯᠸᠢᠰ ᠰᠢᠩᠭᠡᠭᠡᠯᠳᠠ ᠳᠤ ᠤᠷᠤᠯᠴᠠᠵᠦ ᠪᠠᠶᠢᠭᠰᠠᠨ ᠲᠦᠬᠢᠮ᠎ᠡ ᠡᠵᠢ ᠲᠠᠢ ᠨᠢᠭᠤᠷ ᠵᠤᠯᠭᠠᠭᠰᠠᠨ ᠪᠢᠯᠡ᠃        ᠲᠦᠬᠢᠮ᠎ᠡ ᠡᠵᠢ ᠶᠢᠨ ᠲᠤᠬᠠᠢ ᠰᠡᠳᠦᠪ ᠲᠡᠷᠡ ᠵᠢᠯ ᠠᠴᠠ ᠡᠬᠢᠯᠡᠵᠦ᠂ ᠮᠢᠨᠤ ᠰᠡᠳᠬᠢᠯ ᠳᠤ ᠤᠷᠤᠨ ᠵᠠᠢ ᠠᠪᠴᠦ᠂ ᠮᠤᠩᠭᠤᠯ ᠡᠵᠢ ᠶᠢᠨ ᠡᠨᠡᠷᠢᠩᠭᠦᠢ ᠰᠡᠳᠬᠢᠯ᠂ ᠰᠤᠳᠤᠨ ᠦᠷᠡᠰ ᠤᠨ ᠠᠭᠤᠤ ᠬᠠᠶᠢᠷ᠎ᠠ ᠶᠢ ᠮᠡᠳᠡᠷᠡᠵᠦ ᠪᠠᠶᠢᠮᠠᠨ ᠡᠳᠦᠬᠡ ᠢᠷᠡᠯ᠎ᠡ᠂᠂᠂᠂᠂᠂        ᠲᠡᠬᠡᠷ᠎ᠡ ᠵᠠᠭᠤᠨ ᠤ ᠵᠢᠷᠠᠭᠠᠳ ᠤᠨ ᠤ ᠡᠬᠢᠨ ᠢᠶᠠᠷ᠂ ᠲᠤᠮᠳᠠᠳᠦ ᠶᠢᠨ ᠠᠷᠠᠳ ᠲᠦᠮᠡᠨ ᠨᠦᠰᠡᠷ ᠬᠦᠨᠳᠦ ᠪᠠᠶᠢᠭᠠᠯᠢ ᠶᠢᠨ ᠭᠠᠮᠰᠢᠭ ᠲᠤ ᠲᠤᠬᠢᠵᠦ᠂ ᠵᠧᠵᠢᠶᠠᠩ ᠵᠢᠶᠠᠩᠰᠢ ᠤᠷᠴᠢᠮ ᠤᠨ ᠲᠠᠷᠢᠶᠠᠴᠢᠳ ᠦᠯᠦᠰᠴᠦ ᠦᠯᠪᠡᠷᠬᠦ  ᠶᠢᠨ ᠲᠤᠶᠢᠯ ᠲᠤ ᠲᠤᠯᠬᠤ ᠲᠠᠭᠠᠨ ᠨᠢᠯᠬ᠎ᠠ ᠪᠤᠯᠪᠠᠷᠠᠢ ᠴᠢᠰᠦ ᠮᠢᠬᠠᠨ ᠤ ᠲᠠᠰᠤᠷᠬᠠᠢ ᠦᠷ᠎ᠠ ᠪᠠᠨ ᠱᠠᠩᠬᠠᠢ ᠵᠡᠷᠬᠡ ᠡᠮᠦᠨᠡᠳᠦ ᠤᠷᠤᠨ ᠤ ᠶᠡᠭᠡ ᠬᠤᠳᠠᠳ ᠢᠶᠠᠷ ᠤᠷᠬᠢᠭᠰᠠᠨ ᠬᠡᠨ᠎ᠡ᠃ ᠱᠠᠩᠬᠠᠢ ᠵᠡᠷᠬᠡ ᠬᠤᠳᠠᠳ ᠤᠨ ᠦᠨᠦᠴᠢᠨ ᠬᠡᠤᠬᠡᠳ ᠤᠨ ᠠᠰᠠᠷᠠᠮᠵᠢ ᠶᠢᠨ ᠬᠦᠷᠢᠶᠠᠯᠠᠩ ᠦᠵᠡᠵᠦ ᠬᠠᠷᠠᠵᠦ ᠪᠠᠶᠢᠳᠠᠯ᠎ᠠ ᠪᠠᠨ ᠬᠦᠯᠢᠶᠠᠨ ᠠᠪᠬᠤ ᠬᠡᠮᠵᠢᠶᠠᠨ ᠠᠴᠠ  ᠪᠠᠨ ᠬᠡᠳᠦᠷᠡᠵᠦ᠂ ᠬᠡᠤᠬᠡᠳ ᠤᠳ ᠪᠤᠳᠠᠭᠠᠨ ᠲᠠᠭᠠᠨ ᠴᠠᠳᠬᠤ ᠦᠭᠡᠢ᠂ ᠲᠠᠷᠡᠴᠢᠯᠡᠨ ᠠᠮᠢ ᠨᠠᠰᠦ ᠪᠠᠨ ᠠᠯᠳᠠᠬᠤ ᠪᠠᠶᠢᠳᠠᠯ ᠦᠷᠬᠦᠯᠵᠢ ᠶᠢᠨ ᠪᠤᠯᠵᠠᠢ᠃ ᠲᠤᠬᠠᠢ ᠶᠢᠨ ᠦᠶ᠎ᠠ ᠳᠤ ᠵᠸᠤ ᠧᠨ ᠯᠠᠢ ᠶᠡᠷᠦᠩᠭᠡᠢ ᠰᠠᠶᠢᠳ ᠤᠯᠠᠭᠠᠨᠬᠦᠦ ᠲᠠᠢ ᠵᠦᠪᠳᠡᠯᠴᠡᠬᠡᠳ᠂ ᠱᠠᠩᠬᠠᠢ᠂ ᠠᠨᠾᠦ᠋ᠢ᠂ ᠵᠧᠵᠢᠶᠠᠩ ᠵᠡᠷᠬᠡ ᠭᠠᠵᠠᠷ ᠤᠨ 3000 ᠦᠨᠦᠴᠢᠨ ᠬᠡᠤᠬᠡᠳ ᠢ ᠬᠡᠳᠦᠨ ᠪᠦᠯᠦᠭ ᠬᠤᠪᠢᠶᠠᠨ ᠦᠪᠦᠷ ᠮᠤᠩᠭᠤᠯ ᠲᠤ ᠲᠤᠰᠴᠦ ᠠᠪᠴᠢᠷᠠᠵᠠᠢ᠃        ᠦᠪᠦᠷ ᠮᠤᠩᠭᠤᠯ ᠤᠨ ᠲᠠᠯ᠎ᠠ ᠨᠤᠳᠤᠭ ᠵᠦᠭ ᠠᠭᠤᠷ ᠪᠤᠤᠬᠢᠯᠠᠭᠰᠠᠨ ᠭᠠᠯᠳᠦ ᠲᠡᠷᠬᠡ ᠤᠭᠤᠬᠢᠯᠠᠨ ᠲᠠᠪᠬᠢᠨ᠎ᠠ᠃ ᠦᠨᠦᠴᠢᠨ ᠬᠡᠤᠬᠡᠳ ᠤᠳ ᠬᠤᠪᠢ ᠲᠠᠪᠢᠯᠠᠩ ᠤᠨ ᠡᠷᠬᠡᠨ ᠲᠡᠭᠡᠨ ᠰᠠᠵᠢᠯᠠᠭᠳᠠᠨ᠂ ᠡᠬᠡ ᠤᠯᠤᠰ ᠤᠨ ᠤᠮᠠᠷᠠᠳᠦ ᠬᠢᠯᠢ ᠵᠦᠭ ᠨᠠᠭᠠᠰᠢᠯᠠᠨ᠎ᠠ᠃ ᠵᠢᠶᠠᠩᠨᠠᠨ ᠤᠷᠤᠨ ᠤ ᠰᠢᠷᠤᠢ ᠳᠤ ᠬᠠᠳᠠᠭᠤᠬᠠᠨ ᠤᠨᠠᠵᠦ᠂ ᠠᠭᠤᠳᠠᠮ ᠲᠠᠯ᠎ᠠ  ᠶᠢᠨ ᠦᠷᠦᠴᠡᠨ ᠳᠤ ᠦᠰᠦᠨ ᠪᠤᠶᠢᠵᠢᠬᠤ ᠶᠢᠨ ᠵᠢᠮ᠎ᠠ ᠲᠠᠢ ᠲᠦᠷᠦᠭᠰᠡᠨ ᠭᠤᠷᠪᠠᠨ ᠮᠢᠩᠭᠠᠨ ᠬᠡᠤᠬᠡᠳ ᠮᠠᠨᠢ᠂ ᠶᠠᠭᠤ ᠪᠤᠯᠵᠦ ᠪᠠᠶᠢᠭ᠎ᠠ ᠶᠢ ᠦᠯᠦ ᠮᠡᠳᠡᠬᠦ ᠤᠯᠠᠭᠠᠨ ᠨᠢᠯᠬ᠎ᠠ ᠲᠠᠳᠡ ᠨᠠᠷ ᠵᠦᠪᠬᠡᠨ ᠯᠡ ︽ᠠᠩᠭᠠᠢ᠂ ᠠᠩᠭᠠᠢ᠂᠂᠂︾ ᠬᠡᠵᠦ ᠤᠬᠢᠯᠠᠨ ᠲᠡᠯᠴᠢᠯᠡᠬᠦ ᠠᠴᠠ ᠯᠡ ᠳ᠋ᠡ᠂᠂᠂᠂᠂᠂ ᠤᠯᠠᠭᠠᠨᠬᠦᠦ ᠲᠡᠷᠢᠬᠦᠯᠡᠭᠴᠢ ᠶᠢᠨ ︽ᠦᠨᠦᠴᠢᠨ ᠬᠡᠤᠬᠡᠳ ᠢ ᠨᠢᠬᠡ ᠴᠦ ᠤᠰᠤᠯᠳᠠᠭᠤᠯᠵᠦ ᠪᠤᠯᠬᠤ ᠦᠭᠡᠢ︾ ᠬᠡᠰᠡᠨ ᠤᠷᠢᠶᠠᠯᠭ᠎ᠠ ᠪᠠᠷ᠂ ᠱᠠᠩᠬᠠᠢ ᠠᠴᠠ ᠠᠪᠴᠢᠷᠠᠭᠰᠠᠨ 3000 ᠭᠠᠷᠤᠢ ᠬᠡᠤᠬᠡᠳ ᠢ ᠦᠪᠦᠷ ᠮᠤᠩᠭᠤᠯ ᠤᠨ ᠡᠯ᠎ᠡ ᠠᠶᠢᠮᠠᠭ ᠬᠤᠳᠠ ᠳᠤ ᠬᠤᠪᠢᠶᠠᠨ ᠦᠭᠪᠡ᠃ ᠰᠠᠳᠬᠢᠯ ᠨᠢ ᠴᠠᠭᠠᠨ᠂ ᠵᠢᠷᠦᠬᠡ ᠨᠢ ᠡᠮᠵᠡᠭᠬᠡᠨ ᠲᠠᠯ᠎ᠠ ᠨᠤᠳᠤᠭ ᠤᠨ ᠬᠦᠮᠦᠰ ᠵᠢᠶᠠᠩᠨᠠᠨ ᠤᠷᠤᠨ ᠠᠴᠠ ᠬᠤᠪᠢ ᠲᠠᠪᠢᠯᠠᠩ ᠲᠠᠭᠠᠨ ᠲᠠᠭᠠᠳᠬᠠᠭᠳᠠᠨ ᠢᠷᠡᠭᠰᠡᠨ ᠦᠨᠦᠴᠢᠨ ᠬᠡᠤᠬᠡᠳ ᠤᠳ  ᠢ ᠲᠤᠰᠬᠤ ᠪᠠᠷ ᠮᠤᠩᠭᠠᠨᠢᠨ᠎ᠠ᠃ ᠠᠮᠢᠳᠤᠷᠠᠯ ᠨᠢ ᠪᠦᠷ ᠪᠠᠷᠤᠭᠳᠠᠶᠢᠬᠠᠨ ᠢᠳᠡᠵᠦ ᠡᠮᠦᠰᠬᠦ ᠪᠠᠨ ᠠᠷᠪᠢᠯᠠᠨ ᠪᠠᠶᠢᠵᠦ᠂ ᠦᠪᠡᠷ ᠤᠨ ᠬᠡᠤᠬᠡᠳ ᠢᠶᠠᠨ ᠬᠠᠷᠠᠳᠠᠭᠤᠯᠤᠨ ᠪᠠᠶᠢᠵᠦ᠂ ᠢᠳᠡᠵᠦ ᠡᠮᠦᠰᠬᠦ ᠬᠤᠨᠤᠵᠦ ᠬᠡᠪᠳᠡᠬᠦ ᠶᠢ ᠨᠢ ᠪᠠᠵᠠᠭᠠᠨ ᠶᠠᠭᠠᠷᠠᠨ᠎ᠠ᠃        ᠦᠷᠦᠪᠴᠢᠬᠡᠨ ᠰᠡᠳᠬᠢᠯ ᠲᠠᠢ ᠮᠠᠯᠴᠢᠳ ᠮᠠᠨᠢ ᠲᠠᠯ᠎ᠠ ᠨᠤᠳᠤᠭ ᠤᠨ ᠭᠤᠤᠯ ᠭᠤᠷᠤᠬ᠎ᠠ ᠶᠢ ᠭᠡᠳᠦᠯᠦᠨ ᠪᠠᠶᠢᠵᠦ᠂ ᠬᠠᠩᠭᠠᠢ ᠭᠤᠪᠢ ᠶᠢ ᠡᠪᠬᠡᠨ ᠪᠠᠶᠢᠵᠦ᠂ ᠲᠡᠬᠤ ᠲᠡᠪᠡᠯ ᠢᠶᠠᠷ ᠬᠤᠴᠢᠨ ᠪᠦᠬᠡᠴᠡᠶᠢᠯᠠᠵᠦ ᠦᠨᠦᠴᠢᠨ ᠬᠡᠤᠬᠡᠳ ᠢ ᠵᠢᠷᠤᠬᠡᠨ ᠲᠠᠮᠢᠷ ᠢᠶᠠᠷ ᠢᠶᠠᠨ ᠪᠦᠯᠢᠰᠬᠡᠨ᠂ ᠠᠷᠢᠭᠤᠨ ᠴᠠᠭᠠᠨ ᠰᠦ ᠪᠠᠷ ᠢᠶᠠᠨ ᠤᠭᠵᠢᠨ ᠤᠭᠵᠢᠨ ᠪᠠᠶᠢᠵᠦ᠂ ᠦᠷ᠎ᠡ ᠳᠡᠭᠡᠨ ᠦᠨᠳᠡᠯᠵᠡᠬᠦ ᠦᠨᠦᠴᠢᠨ ᠵᠢᠷᠤᠬᠡ ᠪᠠᠷ ᠢᠶᠠᠨ ᠲᠤᠰᠤᠨ ᠠᠪᠤᠭᠰᠠᠨ ᠪᠢᠯᠠ᠃ ᠲᠦᠬᠢᠮ᠎ᠠ ᠡᠵᠢ ᠬᠡᠵᠦ ᠶᠠᠭ ᠡᠶᠢᠮᠦᠷᠬᠦᠦ ᠲᠡᠤᠬᠡ ᠶᠢᠨ ᠬᠦᠷᠳᠦᠨ ᠤ ᠠᠭᠤᠤ ᠡᠬᠡᠯᠵᠢᠨ ᠳᠤ ᠦᠪᠡᠷ ᠪᠠᠶ᠎ᠠ ᠶᠢᠨ ᠠᠭᠤᠤ ᠬᠠᠶᠢᠷ᠎ᠠ ᠪᠠᠨ ᠬᠤᠯᠪᠤᠭᠰᠠᠨ᠂ ᠲᠠᠯ᠎ᠠ ᠨᠤᠳᠤᠭ ᠤᠨ ᠨᠢᠩᠵᠢᠨ ᠰᠡᠳᠬᠢᠯᠳᠦ ᠡᠵᠢ ᠪᠤᠯᠤᠭᠰᠠᠨ ᠪᠢᠯᠠ᠃        ᠲᠡᠳᠡᠭᠡᠷ ᠬᠡᠤᠬᠡᠳ ᠦᠪᠦᠷ ᠮᠤᠩᠭᠤᠯ ᠳᠤ ᠢᠷᠡᠬᠦ ᠳᠤ ᠤᠰᠦ ᠰᠢᠷᠤᠢ ᠲᠤᠬᠢᠷᠠᠬᠤ ᠦᠭᠡᠢ ᠪᠤᠯᠬᠤᠷ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠠᠴᠠ ᠠᠰᠠᠷᠠᠬᠤ ᠲᠦᠪ ᠲᠤ ᠬᠡᠰᠡᠭ ᠬᠤᠭᠤᠴᠠᠭ᠎ᠠ ᠠᠰᠠᠷᠠᠵᠦ ᠲᠤᠳᠤᠮᠳᠠᠭᠰᠠᠨ ᠤ ᠲᠠᠷᠠᠭ᠎ᠠ ᠮᠠᠯᠴᠢᠳ ᠲᠤ ᠦᠷᠡᠴᠢᠯᠡᠬᠦᠯᠬᠦ ᠪᠠᠷ ᠲᠤᠭᠳᠠᠪᠠ᠃ ᠲᠤᠬᠠᠢ ᠶᠢᠨ ᠦᠶ᠎ᠠ ᠳᠤ ᠤᠯᠠᠭᠠᠨᠴᠠᠪ ᠬᠤᠳᠠ ᠶᠢᠨ ᠲᠦᠷᠪᠡᠳ ᠬᠤᠰᠢᠭᠤ 28 ᠦᠨᠦᠴᠢᠨ ᠬᠡᠤᠬᠡᠳ ᠢ ᠲᠤᠰᠴᠦ᠂ ᠠᠰᠠᠷᠠᠭᠴᠢ ᠴᠢᠬᠤᠯᠠᠳᠠᠢ ᠪᠠᠶᠢᠯ᠎ᠠ᠃ ᠲᠡᠬᠡᠬᠡᠳ 19 ᠨᠠᠰᠤᠳᠠᠢ ᠲᠦᠬᠢᠮ᠎ᠠ ᠤᠬᠠᠮᠰᠠᠷ ᠠᠴᠠ ᠪᠠᠨ ᠡᠨᠡ ᠬᠦ ᠡᠬᠦᠷᠬᠡ ᠶᠢ ᠬᠦᠯᠢᠶᠠᠵᠠᠢ᠃ ᠲᠦᠬᠢᠮ᠎ᠠ ᠲᠡᠷᠡ ᠦᠶ᠎ᠠ ᠳᠤ ᠠᠶᠢᠯ ᠬᠡᠷ ᠪᠤᠯᠤᠭ᠎ᠠ ᠦᠭᠡᠢ᠂ ᠨᠢᠯᠬ᠎ᠠ ᠦᠷ᠎ᠡ ᠲᠡᠪᠡᠷᠢᠭᠡ ᠦᠭᠡᠢ ᠵᠢᠭᠠᠬᠠᠨ ᠦᠬᠢᠨ ᠪᠠᠶᠢᠭᠰᠠᠨ᠃ ᠬᠡᠶ᠎ᠡ᠂ ᠲᠡᠷᠡ ᠦᠷᠦᠬᠡᠯ ᠤᠨ ᠬᠡᠤᠬᠡᠳ ᠢ ᠦᠪᠡᠷ ᠤᠨ ᠦᠷ᠎ᠡ ᠪᠠᠨ ᠰᠢᠭ ᠬᠠᠶᠢᠷᠯᠠᠨ ᠬᠠᠮᠠᠭᠠᠯᠠᠵᠦ᠂ ᠦᠨᠦᠴᠢᠨ ᠵᠢᠷᠦᠬᠡ ᠶᠢ ᠨᠢ ᠦᠨᠳᠡᠯᠵᠡᠬᠦᠯᠦᠭᠰᠡᠨ ᠬᠤᠷᠢᠨ ᠨᠠᠢᠮᠠᠨ ᠤᠯᠤᠰ ᠤᠨ ᠬᠡᠤᠬᠡᠳ ᠢ ᠬᠤᠪᠢᠳᠠᠨ ᠠᠪᠴᠦ᠂ ︽ᠡᠵᠢ︾ ᠭᠡᠰᠡᠨ ᠲᠠᠭᠤᠳᠠᠯᠭ᠎ᠠ ᠳᠤ ᠤᠶᠠᠷᠠᠨ ᠪᠠᠶᠢᠵᠦ ᠪᠦᠳᠦᠴᠢᠨ ᠪᠠᠶᠢᠵᠦ᠂ ᠲᠡᠷᠬᠠᠨ ᠡᠬᠦᠷᠬᠡ ᠪᠠᠨ ᠮᠦᠷᠦᠨ ᠳᠡᠭᠡᠨ ᠲᠡᠬᠡᠬᠡᠨ ᠰᠡᠳᠬᠢᠯ ᠳᠡᠭᠡᠨ ᠲᠤᠭᠳᠠᠭᠠᠨ ᠠᠪᠴᠠᠢ᠃        ᠬᠤᠷᠢᠨ ᠨᠠᠢᠮᠠᠨ ᠬᠡᠤᠬᠡᠳ ᠤᠨ ᠪᠠᠭ᠎ᠠ ᠨᠢ ᠠᠷᠠᠢ ᠬᠡᠵᠦ ᠰᠠᠷ᠎ᠠ ᠲᠦᠬᠦᠷᠴᠦ᠂ ᠶᠡᠭᠡ ᠨᠢ ᠰᠠᠶ᠋ᠢ 6 ᠨᠠᠰᠤᠳᠠᠢ ᠪᠠᠶᠢᠵᠠᠢ᠃ ᠲᠡᠷᠡ ᠤᠳ ᠤᠨ ᠡᠵᠢ ᠶᠢᠨ ᠶᠤᠰᠤᠭᠠᠷ ᠬᠠᠷᠠᠭᠠᠯᠵᠠᠵᠦ᠂᠂ ᠡᠳᠦᠷ ᠰᠦᠨᠢ ᠶᠢᠨ ᠬᠤᠪᠢᠨ ᠳᠤ ᠪᠤᠷᠪᠢ ᠪᠤᠬᠢᠰᠬᠢᠯ ᠦᠭᠡᠢ ᠮᠤᠩᠭᠠᠨᠢᠨ᠎ᠠ᠃ ᠲᠡᠷᠡ ᠪᠠᠷ ᠡᠵᠢ ᠪᠤᠯᠤᠭᠰᠠᠨ ᠲᠠᠷᠬᠠᠨ ᠡᠬᠦᠷᠬᠡ ᠪᠠᠨ ᠴᠠᠭ ᠢᠮᠠᠭᠳᠠ ᠴᠠᠬᠡᠵᠢᠯᠠᠨ᠂ ᠰᠡᠳᠬᠢᠯ ᠤᠨ ᠪᠦᠪᠠᠢ ᠪᠠᠷ ᠢᠶᠠᠨ ᠲᠦᠷᠪᠡᠳ ᠤᠨ ᠲᠠᠯ᠎ᠠ ᠶᠢ ᠤᠶᠠᠰᠬᠠᠵᠦ ᠯᠡ ᠪᠠᠶᠢᠯ᠎ᠠ᠂ ᠤᠶᠠᠷᠠᠭᠤᠯᠵᠦ ᠯᠡ ᠪᠠᠶᠢᠯ᠎ᠠ ᠂ ᠬᠦᠪᠴᠢᠯᠠᠵᠦ ᠯᠡ ᠪᠠᠶᠢᠯ᠎ᠡ᠃ ᠬᠡᠤᠬᠡᠳ ᠤᠳ ᠨᠢ ᠡᠪᠡᠳᠴᠢᠨ ᠲᠠᠬᠤᠯ ᠳᠤ ᠤᠨᠤᠭᠳᠠᠬᠤ ᠳᠤ ᠲᠡᠷᠡ ᠭᠠᠵᠠᠷ ᠤᠨ ᠬᠤᠯᠠ ᠶᠢ ᠠᠭᠳᠠ ᠶᠢᠨ ᠲᠤᠭᠤᠷᠠᠢ ᠪᠠᠷ ᠡᠪᠬᠡᠨ ᠡᠮᠴᠢ ᠲᠤᠮᠴᠢ ᠵᠠᠯᠠᠵᠦ ᠶᠠᠪᠤᠬᠤ ᠳᠤ ᠠᠭᠯᠠᠭ ᠠᠭᠤᠯᠠ ᠶᠢᠨ ᠬᠡᠬᠡᠷ᠎ᠡ ᠶᠢᠨ ᠨᠤᠬᠠᠳ ᠤᠶᠠᠷᠠᠵᠦ᠂ ᠠᠳᠠᠷ ᠲᠡᠯ᠎ᠡ ᠶᠢᠨ ᠬᠦᠢᠳᠡᠨ ᠮᠦᠰᠦ ᠬᠠᠶᠢᠯᠵᠦ᠂ ᠠᠭᠤᠳᠠᠮ ᠤᠭᠳᠠᠷᠭᠤᠢ ᠶᠢᠨ ᠤᠳᠤᠳ ᠠᠨᠢᠪᠴᠢᠨ ᠮᠦᠰᠢᠶᠠᠵᠦ᠂ ᠠᠷᠦ ᠳᠤᠨᠢ ᠪᠠᠶᠢᠭ᠎ᠠ ᠲᠦᠷᠪᠡᠳ ᠤᠨ ᠲᠠᠯ᠎ᠠ ᠨᠢ ᠤᠮᠤᠭᠰᠢᠨ ᠲᠤᠭᠳᠤᠯᠳᠠᠭ ᠪᠠᠶᠢᠯ᠎ᠠ᠃        ᠲᠦᠷᠪᠡᠨ ᠤᠯᠠᠷᠢᠯ ᠲᠦᠷᠪᠡᠳ ᠤᠨ ᠲᠠᠯ᠎ᠠ ᠪᠠᠷ ᠡᠬᠡᠯᠵᠢᠯᠡᠬᠦ ᠪᠠᠷ ᠢᠶᠠᠨ ᠡᠬᠡᠯᠵᠢᠯᠡᠨ᠎ᠡ᠂ ᠡᠳᠦᠷ ᠰᠦᠨᠢ ᠤᠷᠴᠢᠯ ᠶᠤᠰᠤᠭᠠᠷ ᠦᠩᠭᠡᠷᠡᠬᠦ ᠪᠠᠷ ᠢᠶᠠᠨ ᠯᠡ ᠦᠩᠭᠡᠷᠡᠨ᠎ᠡ᠃ ᠡᠵᠢ ᠶᠢᠨ ᠦᠰᠬᠡᠭᠰᠡᠨ ᠬᠤᠷᠢᠨ ᠨᠠᠢᠮᠡᠨ ᠬᠡᠤᠬᠡᠳ ᠴᠦ ᠡᠳᠦᠷ ᠠᠴᠠ ᠡᠳᠦᠷ ᠢᠳᠡᠷᠡᠬᠦᠨ ᠪᠤᠶᠢᠵᠢᠨ᠎ᠠ᠃ ᠬᠡᠶ᠎ᠠ᠂ ᠡᠳᠦᠷ ᠤᠨ ᠮᠠᠷᠭᠠᠰᠢ ᠦᠵᠡᠵᠦ ᠬᠠᠷᠠᠭᠰᠠᠨ ᠬᠡᠤᠬᠡᠳ  ᠤᠳ ᠢ ᠨᠢ ᠮᠠᠯᠴᠢᠨ ᠲᠦᠮᠡᠨ ᠦᠷᠡᠴᠢᠯᠡᠨ ᠠᠪᠤᠭᠠᠳ ᠶᠠᠪᠤᠬᠤ ᠪᠠᠷ ᠨᠢ᠂ ᠡᠯᠢᠬᠡ ᠵᠢᠷᠤᠬᠡ ᠶᠢ ᠨᠢ ᠤᠷᠠᠵᠦ ᠪᠠᠶᠢᠭ᠎ᠠ ᠴᠦ ᠶᠤᠮᠰᠢᠭ ᠪᠤᠯᠵᠦ ᠰᠡᠳᠬᠢᠯ ᠤᠨ ᠭᠤᠨᠢᠭ ᠲᠤ ᠤᠨᠠᠳᠠᠭ ᠶᠤᠮ ᠬᠡᠨ᠎ᠡ᠂ ᠬᠡᠪᠡᠴᠦ ᠦᠷᠦᠪᠴᠢᠬᠡᠨ ᠰᠡᠳᠬᠢᠯ ᠲᠠᠢ ᠲᠠᠯ᠎ᠠ ᠶᠢᠨ ᠮᠠᠯᠴᠢᠳ ᠨᠢ ᠠᠪᠤᠭᠠᠳ ᠶᠠᠪᠤᠬᠤ ᠪᠠᠷ ᠬᠡᠣᠬᠡᠳ ᠤᠨ ᠢᠷᠡᠬᠡᠳᠦᠢ ᠶᠢ ᠪᠤᠳᠤᠬᠤ ᠳᠠᠭᠠᠨ ᠵᠤᠷᠢᠭ ᠲᠦᠷᠦᠳᠡᠭ ᠨᠢ ᠴᠦ ᠦᠨᠡᠨ᠃        ᠮᠠᠯᠴᠢᠨ ᠲᠦᠮᠡᠨ ᠦᠨᠦᠴᠢᠨ ᠬᠡᠤᠬᠡᠳ ᠤᠳ ᠢ ᠦᠪᠡᠷ ᠤᠨ ᠦᠷ᠎ᠡ ᠠᠴᠠ ᠪᠠᠨ ᠢᠯᠡᠬᠦᠦ ᠬᠠᠶᠢᠷᠠᠯᠠᠨ ᠬᠠᠮᠠᠭᠠᠯᠠᠵᠦ᠂ ᠮᠤᠷᠢ ᠤᠨᠤᠬᠤ᠂ ᠰᠤᠷ ᠬᠠᠷᠪᠤᠬᠤ᠂ ᠬᠤᠨᠢᠨ ᠳᠤ ᠶᠠᠪᠤᠬᠤ᠂ ᠤᠳᠤᠷᠯᠠᠨ ᠨᠡᠬᠦᠬᠦ ᠵᠡᠷᠬᠡ ᠠᠮᠢᠳᠤᠷᠠᠯ  ᠤᠨ ᠤᠬᠠᠭᠠᠨ ᠢ ᠵᠢᠭᠠᠬᠤ ᠪᠦᠬᠡᠳ ᠪᠢᠴᠢᠭ ᠤᠨ ᠪᠠᠯᠠᠢ ᠪᠤᠯᠭᠠᠬᠤ ᠦᠭᠡᠢ ᠬᠡᠮᠡᠨ ᠠᠷᠠᠳ ᠤᠨ ᠰᠤᠷᠭᠠᠭᠤᠯᠢ ᠳᠤ ᠰᠠᠭᠤᠯᠭᠠᠨ ᠬᠦᠮᠦᠨ ᠤ ᠵᠡᠷᠬᠡ ᠳᠤ ᠬᠦᠷᠬᠡᠭᠰᠡᠨ ᠠᠵᠠᠢ᠃ ᠲᠦᠬᠢᠮ᠎ᠡ ᠡᠵᠢ ᠶᠢᠨ ᠬᠤᠷᠢᠨ ᠨᠠᠢᠮᠠᠨ ᠬᠡᠤᠬᠡᠳ ᠨᠢ ᠦᠷᠡᠴᠢᠯᠡᠭᠰᠡᠨ ᠠᠪᠤ ᠡᠵᠢ ᠶᠢᠨ ᠬᠢ ᠪᠠᠨ ᠲᠤᠳᠤᠮᠳᠠᠯᠭ᠎ᠠ ᠪᠠᠷ ᠡᠳᠦᠷ ᠰᠠᠷ᠎ᠠ ᠶᠢᠨ ᠡᠬᠡᠯᠵᠢᠯ᠂ ᠬᠠᠪᠤᠷ ᠨᠠᠮᠤᠷ ᠤᠨ ᠰᠤᠯᠪᠢᠴᠠᠯ ᠢᠶᠠᠷ ᠦᠯᠡᠮᠠᠢ ᠦᠨᠳᠠᠶᠢᠵᠦ ᠬᠦᠮᠦᠨ ᠪᠤᠯᠵᠦ᠂ ᠡᠬᠡ ᠤᠯᠤᠰ ᠤᠨ ᠢᠶᠠᠨ ᠡᠯᠢᠬᠡᠨ ᠳᠤ ᠨᠠᠷᠠ ᠨᠢ ᠪᠤᠯᠵᠦ ᠲᠤᠶᠠᠭᠠᠷᠠᠭᠰᠠᠨ ᠪᠠᠶᠢᠨ᠎ᠠ᠃ ᠲᠡᠳᠡᠨ ᠤ ᠲᠤᠳᠤᠷ᠎ᠠ ᠠᠷᠠᠳ ᠤᠨ ᠪᠠᠭᠰᠢ ᠭᠠᠷᠤᠯ᠎ᠠ᠂ ᠵᠢᠱᠢᠶᠠᠴᠢ ᠮᠠᠯᠴᠢᠨ ᠴᠦ ᠭᠠᠷᠤᠯ᠎ᠠ᠂ ᠨᠠᠶᠢᠬᠡᠮ ᠨᠠᠶᠢᠳᠠ ᠲᠡᠭᠡᠨ ᠲᠤᠰᠠ ᠲᠠᠢ ᠬᠦᠮᠦᠰ ᠪᠤᠯᠵᠠᠭᠠᠯ᠎ᠠ᠃        ᠲᠦᠬᠢᠮ᠎ᠠ ᠡᠵᠢ ᠬᠤᠵᠢᠮ ᠨᠢ ᠬᠡᠤᠬᠡᠳ ᠬᠦᠩᠭᠡᠵᠢᠬᠦᠯᠦᠭᠴᠢ ᠪᠤᠯᠵᠦ᠂ ᠦᠢ ᠲᠦᠮᠡᠨ ᠲᠦᠷᠪᠡᠳ ᠤᠨ ᠲᠠᠯ᠎ᠠ ᠶᠢᠨ ᠰᠢᠨ᠎ᠠ ᠠᠮᠢ ᠨᠠᠰᠦ ᠶᠢ ᠡᠨᠡ ᠤᠷᠴᠢᠯᠠᠩ ᠳᠤ ᠠᠮᠤᠷ ᠠᠮᠤᠭᠤᠯᠠᠩ ᠢᠶᠠᠷ ᠲᠤᠰᠴᠦ ᠠᠪᠬᠤ ᠲᠠᠷᠬᠠᠨ ᠡᠬᠦᠷᠬᠡ ᠶᠢ ᠬᠦᠯᠢᠶᠠᠵᠠᠢ᠃ ᠲᠡᠷᠡ ᠬᠡᠴᠢᠨᠡᠬᠡᠨ ᠬᠡᠤᠬᠡᠳ ᠲᠤᠰᠤᠭᠰᠠᠨ ᠢᠶᠠᠨ ᠦᠪᠠᠷ ᠢᠶᠠᠨ ᠴᠦ ᠮᠡᠳᠡᠬᠦ ᠦᠭᠡᠢ᠂ ᠬᠡᠪᠡᠴᠦ ᠲᠡᠬᠦᠨ ᠤ ᠠᠯᠠᠭ᠎ᠠ ᠪᠠᠷ ᠢᠶᠠᠨ ᠲᠤᠰᠤᠭᠰᠠᠨ ᠲᠡᠷᠡ ᠤᠯᠠᠨ ᠬᠡᠤᠬᠡᠳ ᠤᠳ ᠤᠳᠦ ᠡᠬᠡ ᠤᠯᠤᠰ ᠤᠨ ᠢᠶᠠᠨ ᠪᠦᠳᠦᠬᠡᠨ ᠪᠠᠶᠢᠭᠤᠯᠤᠯᠳᠠ ᠶᠢᠨ ᠠᠤᠭ᠎ᠠ ᠦᠢᠯᠡᠰ ᠲᠤ ᠬᠦᠴᠦᠨ ᠪᠤᠯᠵᠦ ᠬᠢᠯᠠᠯᠵᠠᠭᠰᠠᠭᠠᠷ᠃        ᠲᠦᠬᠢᠮ᠎ᠡ ᠡᠵᠢ᠂ ᠦᠷ᠎ᠠ ᠪᠠᠨ ᠬᠡᠪᠡᠯ ᠦᠨᠳᠡᠯᠵᠡᠳᠡᠭ ᠦᠨᠦᠴᠢᠮ ᠵᠢᠷᠦᠬᠡ ᠲᠠᠢ ᠮᠤᠩᠭᠤᠯ ᠡᠵᠢ᠃ ᠲᠦᠬᠢᠮ᠎ᠡ ᠡᠵᠢ᠂ ᠲᠦᠷᠦ ᠬᠦᠷᠦᠨ ᠳᠤ ᠠᠯᠳᠠᠷ ᠢᠶᠠᠨ ᠲᠠᠭᠤᠳᠠᠭᠤᠯᠤᠭᠰᠠᠨ ᠨᠢᠩᠵᠢᠨ ᠵᠠᠩ ᠲᠠᠢ ᠰᠤᠳᠤᠨ ᠡᠵᠢ᠃        ᠲᠠᠯ᠎ᠠ ᠨᠤᠳᠤᠭ ᠤᠨ ᠰᠤᠳᠤᠨ ᠡᠵᠢ ᠲᠦᠬᠢᠮ᠎ᠡ ᠮᠢᠨᠢ᠃                                        ᠵᠤᠬᠢᠶᠠᠭᠴᠢ᠄ ᠬᠠᠢ ᠱᠠᠨ                                        ᠲᠡᠪᠰᠢᠬᠦᠯᠦᠭᠰᠡᠨ ᠨᠢ᠄ ᠤᠶᠠᠬᠠᠨ
 
ᠢᠷᠡᠯᠲᠡ᠄ ᠴᠢᠩᠭᠢᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2