ᠪᠢ ᠠᠳᠤᠭᠤ ᠪᠠᠨ ᠲᠠᠩᠳᠠ ᠵᠡᠬᠦᠳᠥᠯᠡᠳᠡᠭ
ᠨᠡᠶᠢᠲᠡᠯᠡᠭᠰᠡᠨ ᠴᠠᠭ᠄
2020/12/21
ᠠᠷᠪᠠᠨ ᠭᠤᠷᠪᠠᠳᠤᠭᠠᠷ ᠵᠠᠭᠤᠨ ᠤ ᠠᠳᠤᠭᠤᠳ ᠤᠨ ᠲᠡᠯ ᠲᠡᠭᠡᠷ᠎ᠡᠲᠠᠭᠠᠭᠤᠯᠢ ᠵᠢᠷᠤᠭ ᠢᠯᠡᠭᠡᠵᠥ ᠪᠠᠶᠢᠨ᠎ᠠ ᠭᠡᠵᠥ ᠵᠡᠬᠦᠳᠥᠯᠡᠪᠡᠠᠯᠮᠠᠰ ᠲᠤᠭᠤᠷᠠᠢ ᠠᠴᠠ ᠨᠢ ᠠᠶᠤᠩᠭ᠎ᠠ ᠨᠢᠵᠢᠬᠢᠨᠡᠵᠥᠲᠡᠭᠷᠢ ᠳᠤ ᠬᠥᠯᠭᠡ ᠤᠡᠭᠭᠤᠴᠠ ᠪᠤᠯᠤᠨ ᠨᠢᠰᠥᠯ᠎ᠡ ᠭᠡᠵᠥ ᠵᠡᠬᠦᠳᠥᠯᠡᠪᠡᠠᠢ ᠬᠥᠭᠡᠷᠥᠬᠦᠢ︕ᠲᠠᠶᠢᠨ ᠤ ᠲᠤᠮᠳᠠ ᠠᠳᠡᠭᠰᠡᠨ ᠠᠭᠳᠠᠲᠠᠷᠢ ᠵᠢᠨ‌ᠤᠳᠤᠭᠠᠨ ᠤ ᠲᠤᠮᠳᠠᠭᠤᠷ ᠢᠵᠢᠯᠢ ᠪᠠᠨ ᠡᠷᠢᠵᠥᠰᠤᠯᠤᠩᠭ᠎ᠠ ᠶᠢᠨ ᠲᠠᠪᠤᠨ ᠥᠡᠭᠭᠡ ᠶᠢᠨ ᠬᠥᠵᠥᠬᠦᠪᠴᠢ ᠪᠠᠷ ᠰᠡᠳᠡᠷᠯᠡᠭᠰᠡᠨᠰᠥᠨᠡᠰᠥ ᠨᠢ ᠠᠮᠢᠯᠠᠭᠰᠠᠨ ᠬᠥᠯᠥᠭ ᠤᠳ ᠤᠰᠤ ᠠᠨᠢᠷᠯᠠᠨᠬᠥᠳᠡᠭᠡ ᠨᠤᠳᠤᠭ ᠤᠨ ᠢᠶᠠᠨ ᠬᠥᠷᠥᠰᠥ ᠰᠢᠷᠣᠢ ᠶᠢ ᠰᠠᠨᠠᠵᠤᠬᠥᠬᠡ ᠨᠤᠭᠤᠭᠠᠨ ᠤ ᠥᠨᠥᠷ ᠢᠶᠠᠷ ᠭᠠᠵᠠᠷᠯᠠᠵᠤ ᠪᠠᠶᠢᠨ᠎ᠠ ᠭᠡᠵᠥ ᠵᠡᠬᠦᠳᠥᠯᠡᠪᠡᠤᠡᠭᠭᠤᠨ ᠪᠤᠯᠠᠭ ᠵᠠᠳᠠᠭᠠᠢ ᠪᠠᠷ ᠤᠮᠳᠠᠯᠠᠵᠤᠤᠷᠭᠤᠮᠠᠯ ᠤᠨ ᠰᠢᠯᠢᠳᠡᠭ ᠵᠡᠯᠢᠬᠦᠳ ᠨᠤᠳᠤᠭ ᠲᠤ ᠢᠳᠡᠰᠢ ᠲᠠᠢᠤᠷᠤᠭ᠎ᠠ ᠬᠠᠨᠭ᠍ᠬᠠᠯ ᠠᠳᠤᠭᠤᠳ ᠤᠮᠤᠷᠠᠵᠤ ᠢᠷᠡᠭᠡᠳᠤᠬᠠᠭᠠᠨ ᠥᠭᠡᠢ ᠨᠤᠶᠢᠷ ᠠᠴᠠ ᠰᠡᠷᠡᠭᠡᠵᠥ ᠪᠠᠶᠢᠨ᠎ᠠ ᠭᠡᠵᠥ ᠵᠡᠬᠦᠳᠥᠯᠡᠪᠡᠪᠢ ᠠᠳᠤᠭᠤ ᠪᠠᠨ ᠲᠠᠩᠳᠠ ᠵᠡᠬᠦᠳᠥᠯᠡᠳᠡᠭᠪᠡᠯᠴᠢᠭᠡᠷ ᠢᠶᠠᠨ ᠰᠠᠨᠠᠵᠤ ᠪᠠᠶᠢᠨ᠎ᠠ ᠭᠡᠵᠥ ᠵᠡᠬᠦᠳᠥᠯᠡᠳᠡᠭᠪᠤᠮᠠᠨ ᠠᠮᠢᠳᠠᠨ ᠳᠤ ᠲᠤᠰᠠ ᠪᠠᠨ ᠬᠥᠷᠭᠡᠭᠰᠡᠨ ᠨᠢ ᠪᠤᠷᠤᠭᠤ ᠤᠤ ᠭᠡᠵᠥᠪᠤᠯᠤᠷ ᠲᠤᠭᠤᠷᠠᠢ ᠪᠠᠷ ᠢᠶᠠᠨ ᠴᠠᠪᠴᠢᠯᠠᠯ᠎ᠠ ᠭᠡᠵᠥ ᠵᠡᠬᠦᠳᠥᠯᠡᠪᠡᠠᠭᠤᠳᠠᠮ ᠨᠤᠳᠤᠭ ᠢ ᠮᠢᠨᠢ ᠲᠤᠤᠷᠯᠠᠯ᠎ᠠᠤᠰᠤ ᠤᠮᠳᠠ ᠶᠢ ᠮᠢᠨᠢ ᠪᠤᠬᠢᠷᠳᠠᠭᠤᠯᠤᠯ᠎ᠠᠤᠭ ᠥᠨᠳᠥᠰᠥ ᠶᠢ ᠮᠢᠨᠢ ᠲᠠᠰᠤᠳᠠᠪᠠ ᠭᠡᠵᠥᠥᠥᠷᠰᠡᠵᠥ ᠢᠷᠡᠭᠡᠳ ᠢᠰᠬᠦᠯᠳᠡᠯ᠎ᠡᠬᠠᠷ᠎ᠠ ᠲᠠᠷᠤᠭᠰᠠᠨ ᠨᠤᠶᠢᠷ ᠠᠴᠠ ᠰᠡᠷᠡᠬᠦ ᠳᠤᠬᠠᠨᠢ ᠶᠢᠨ ᠵᠠᠶᠠᠭ᠎ᠠ ᠲᠠᠢ ᠮᠤᠩᠭᠤᠯ ᠠᠳᠤᠭᠤ ᠵᠡᠬᠦᠳᠥᠨ ᠳᠤ ᠠᠮᠢᠯᠠᠪᠠᠬᠠᠭᠠᠨ ᠤ ᠴᠠᠭᠠᠨ ᠰᠥᠷᠥᠭ ᠡᠪᠦᠭᠡ ᠲᠠᠢ ᠮᠢᠨᠢ ᠴᠤᠭᠬᠠᠳᠠᠨ ᠤᠰᠤᠨ ᠤ ᠬᠤᠳᠳᠤᠭ ᠲᠡᠭᠡᠷ᠎ᠡ ᠵᠢᠷᠤᠭ ᠪᠤᠯᠤᠨ ᠲᠡᠯᠭᠡᠭᠳᠡᠪᠡ᠃ ᠢᠷᠡᠯᠳᠠ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ  ᠵᠤᠬᠢᠶᠠᠭᠴᠢ᠄ ᠮᠢ᠊᠂ ᠰᠠᠶᠢᠨᠪᠠᠶᠠᠷ ᠲᠡᠪᠰᠢᠭᠦᠯᠦᠭᠰᠡᠨ ᠨᠢ᠄ ᠤᠶᠠᠬᠠᠨ
 
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2