ᠨᠤᠮ ᠤᠨ ᠲᠣᠬᠠᠢ ᠵᠦᠢᠷ ᠰᠡᠴᠡᠨ ᠦᠭᠡᠰ
ᠨᠡᠶᠢᠲᠡᠯᠡᠭᠰᠡᠨ ᠴᠠᠭ᠄
2024/11/7
      ᠨᠤᠮ ᠤᠨ ᠲᠣᠬᠠᠢ ᠵᠦᠢᠷ ᠰᠡᠴᠡᠨ ᠦᠭᠡᠰ                ᠬᠦᠮᠦᠨ ᠤᠬᠠᠭᠠᠨ  ᠢᠶᠠᠨ ᠳᠦᠰᠢᠨ᠎ᠡ   ᠮᠤᠳᠤ ᠦᠨᠳᠦᠰᠦ ᠪᠠᠨ ᠳᠦᠰᠢᠨ᠎ᠡ     ᠭᠠᠩᠭ᠎ᠠ ᠮᠦᠷᠡᠨ ᠤᠰᠤᠨ  ᠤ ᠳᠠᠯᠠᠢ   ᠭᠠᠨᠵᠤᠤᠷ ᠳ᠋ᠠᠨᠵᠤᠤᠷ ᠨᠤᠮ  ᠤᠨ ᠳᠠᠯᠠᠢ     ᠨᠠᠷᠠ ᠭᠠᠷᠬᠤ ᠪᠠᠷ ᠪᠠᠶᠢᠭᠠᠯᠢ ᠰᠡᠷᠭᠦᠳᠡᠭ   ᠨᠤᠮ ᠤᠩᠰᠢᠬᠤ ᠪᠠᠷ ᠲᠠᠷᠢᠬᠢ ᠰᠡᠷᠭᠦᠳᠡᠭ     ᠵᠦᠭᠡᠯᠡᠨ ᠭᠠᠵᠠᠷ ᠬᠦᠮᠡᠯᠢ ᠤᠷᠭᠤᠳᠠᠭ   ᠵᠦᠪ ᠦᠭᠡᠨ  ᠳᠤ ᠬᠦᠮᠦᠨ ᠤᠬᠠᠭᠠᠷᠠᠳᠠᠭ     ᠪᠠᠶᠢᠭᠠᠯᠢ  ᠶᠢᠨ ᠨᠠᠷᠠᠨ ᠤᠷᠴᠢᠯᠠᠩ  ᠳᠤ ᠪᠤᠢ   ᠪᠢᠯᠢᠭ  ᠤᠨ ᠨᠠᠷᠠᠨ ᠨᠤᠮ  ᠳᠤ ᠪᠤᠢ     ᠤᠳᠤᠨ ᠮᠡᠴᠢᠳ ᠤᠭᠲᠠᠷᠭᠤᠢ  ᠶᠢᠨ ᠴᠢᠮᠡᠭ   ᠤᠶᠤᠨ ᠮᠡᠳᠡᠯᠭᠡ ᠪᠡᠶ᠎ᠡ  ᠶᠢᠨ ᠴᠢᠮᠡᠭ     ᠡᠳ᠋ ᠬᠤᠪᠤᠷ ᠪᠤᠯᠪᠠᠴᠤ ᠡᠷᠢᠵᠦ ᠤᠯᠵᠤ ᠪᠤᠯᠳᠠᠭ   ᠡᠷᠳᠡᠮ ᠭᠦᠨ ᠪᠤᠯᠪᠠᠴᠤ ᠰᠤᠷᠴᠤ ᠡᠵᠡᠮᠰᠢᠵᠦ ᠪᠤᠯᠳᠠᠭ      ᠡᠯᠪᠡᠭ ᠬᠤᠷᠢᠶᠠᠯᠲᠠ ᠤᠨ  ᠤ ᠬᠦᠨᠡᠰᠦ   ᠡᠷᠳᠡᠮ ᠰᠤᠶᠤᠯ ᠨᠠᠰᠤᠨ  ᠤ ᠬᠦᠨᠡᠰᠦ      ᠡᠷ᠎ᠡ  ᠶᠢᠨ ᠵᠢᠯᠤᠭᠤ ᠵᠤᠷᠢᠭ   ᠡᠷᠳᠡᠮ  ᠤᠨ ᠵᠢᠯᠤᠭᠤ ᠪᠢᠴᠢᠭ     ᠤᠭᠲᠠᠷᠭᠤᠢ  ᠶᠢ ᠭᠡᠶᠢᠭᠦᠯᠳᠡᠭ ᠠᠴᠠ ᠨᠠᠷ᠎ᠠ ᠰᠠᠶᠢᠬᠠᠨ   ᠤᠶᠤᠨ  ᠢ ᠭᠡᠷᠡᠯᠳᠦᠭᠦᠯᠳᠡᠭ ᠠᠴᠠ ᠮᠡᠳᠡᠯᠭᠡ ᠰᠠᠶᠢᠬᠠᠨ     ᠡᠳ᠋  ᠤᠨ ᠪᠠᠶᠠᠨ — ᠴᠠᠭ  ᠤᠨ ᠪᠠᠶᠠᠨ   ᠡᠷᠳᠡᠮ  ᠤᠨ ᠪᠠᠶᠠᠨ — ᠨᠠᠰᠤᠨ  ᠤ ᠪᠠᠶᠠᠨ     ᠪᠢᠷ ᠪᠡᠬᠡᠰ ᠭᠠᠷ  ᠤᠨ ᠴᠢᠮᠡᠭ   ᠪᠢᠴᠢᠭ ᠨᠤᠮ ᠤᠶᠤᠨ  ᠤ ᠴᠢᠮᠡᠭ     ᠡᠳ᠋  ᠤᠨ ᠴᠢᠨᠠᠷ  ᠢ ᠡᠳ᠋ᠯᠡᠵᠦ ᠲᠠᠨᠢᠳᠠᠭ   ᠡᠷᠳᠡᠮ  ᠤᠨ ᠭᠦᠨ  ᠢ ᠰᠤᠷᠴᠤ ᠮᠡᠳᠡᠳᠡᠭ     ᠠᠮᠢ ᠨᠠᠰᠤ ᠬᠦᠳᠡᠯᠭᠡᠭᠡᠨ  ᠳᠤ ᠪᠤᠢ   ᠠᠮᠵᠢᠯᠳᠠ ᠪᠦᠳᠦᠭᠡᠯ ᠴᠢᠷᠮᠠᠶᠢᠯᠭ᠎ᠠ  ᠳᠤ ᠪᠤᠢ     ᠤᠰᠤᠨ  ᠤ ᠰᠠᠩ ᠪᠤᠯᠠᠭ ᠠᠴᠠ ᠡᠬᠢᠳᠡᠢ   ᠤᠬᠠᠭᠠᠨ  ᠤ ᠰᠠᠩ ᠨᠤᠮ ᠠᠴᠠ ᠡᠬᠢᠲᠡᠢ   ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄  ᠲᠡᠷᠭᠡᠯ       
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2