ᠲᠠᠪᠤᠨ ᠮᠦᠰᠦᠨ ᠤ ᠰᠤᠷᠭᠠᠯ
ᠨᠡᠶᠢᠲᠡᠯᠡᠭᠰᠡᠨ ᠴᠠᠭ᠄
2024/11/7
      ᠲᠠᠪᠤᠨ ᠮᠦᠰᠦᠨ ᠤ ᠰᠤᠷᠭᠠᠯ           ᠴᠢᠩᠬᠢᠰ ᠬᠠᠭᠠᠨ ᠤ ᠤᠵᠤᠭᠤᠷ ᠲᠡᠭᠡᠳᠦᠰ ᠪᠤᠯᠬᠤ ᠠᠯᠤᠡᠭᠤᠸ᠎ᠠ ᠡᠬᠡ ᠪᠤᠯ ᠶᠡᠭᠡ ᠰᠡᠴᠡᠨ ᠮᠡᠷᠭᠡᠨ ᠬᠦᠮᠦᠨ ᠪᠠᠶᠢᠵᠠᠢ᠃ ᠲᠡᠭᠦᠨ ᠳᠤ ᠪᠡᠯᠭᠦᠨᠤᠳᠠᠢ᠂ ᠪᠦᠬᠦᠨᠤᠳᠠᠢ᠂ ᠪᠤᠬᠤ ᠬᠠᠳᠠᠬᠢ᠂ ᠪᠤᠭᠳᠦ ᠰᠠᠯᠵᠢ᠂ ᠪᠤᠳᠤᠨᠴᠢᠷ ᠮᠤᠩᠬᠠᠭ ᠬᠡᠮᠡᠬᠦ ᠲᠠᠪᠤᠨ ᠬᠦᠦ ᠲᠠᠢ ᠪᠠᠶᠢᠵᠦ᠂ ᠦᠰᠴᠦ ᠦᠭᠡᠯᠠᠢ ᠪᠤᠯᠤᠮᠠᠭᠴᠠ ᠲᠠᠪᠤᠨ ᠬᠦᠦ ᠨᠢ ᠬᠤᠭᠤᠷᠤᠨᠳᠦ ᠪᠠᠨ ᠲᠠᠭᠠᠷᠠᠯᠴᠠᠬᠤ ᠦᠭᠡᠢ ᠪᠤᠯᠵᠦ ᠭᠡᠨ᠎ᠡ᠃         ᠬᠠᠪᠤᠷ ᠤᠨ ᠨᠢᠭᠡ ᠡᠳᠦᠷ ᠠᠯᠤᠡᠭᠤᠸ᠎ᠠ ᠡᠬᠡ ᠬᠠᠳᠠᠭᠰᠠᠨ ᠬᠤᠨᠢᠨ ᠮᠢᠬ᠎ᠠ ᠴᠢᠨᠠᠵᠦ ᠲᠠᠪᠤᠨ ᠬᠦᠦ ᠪᠠᠨ ᠲᠠᠭᠤᠳᠠᠵᠦ ᠠᠪᠴᠢᠷᠠᠭᠠᠳ ᠬᠦᠮᠦᠨ ᠪᠦᠷᠢ ᠳᠤ ᠨᠢᠭᠡ ᠨᠢᠭᠡ ᠮᠦᠰᠦ ᠦᠭᠴᠦ ᠬᠤᠭᠤᠯ ᠬᠡᠵᠠᠢ᠃ ᠬᠦᠪᠡᠭᠦᠳ ᠨᠢ ᠲᠠᠪᠠᠳᠠᠯ ᠦᠭᠡᠢ ᠬᠤᠭᠤᠴᠢᠵᠦ ᠤᠷᠬᠢᠪᠠ᠃ ᠲᠠᠪᠤᠨ ᠮᠦᠰᠦ ᠶᠢ ᠨᠡᠶᠢᠯᠡᠭᠦᠯᠵᠦ ᠪᠠᠭᠯᠠᠭᠠᠳ ᠬᠤᠭᠤᠯ ᠭᠡᠵᠦ ᠦᠭᠭᠦᠭᠰᠡᠨ ᠳᠤ ᠲᠡᠳᠡ ᠲᠠᠪᠤᠭᠤᠯᠠ ᠲᠠᠷᠠᠭᠠᠯᠠᠨ ᠤᠷᠤᠯᠳᠤᠭᠠᠳ ᠬᠡᠨ ᠨᠢ ᠴᠦ ᠬᠤᠭᠤᠯᠵᠦ ᠴᠢᠳᠠᠭᠰᠠᠨ ᠦᠭᠡᠢ᠃   ᠲᠡᠭᠡᠬᠦ ᠳᠤ ᠠᠯᠤᠡᠭᠤᠸ᠎ᠠ ᠡᠬᠡ᠄ ︽ᠲᠠ ᠨᠠᠷ ᠡᠪ ᠲᠦᠨᠵᠢᠨ ᠬᠠᠭᠠᠷᠠᠪᠠᠯ ᠲᠡᠷᠡ ᠭᠠᠭᠴᠠ ᠮᠦᠰᠦ ᠮᠡᠳᠦ ᠬᠡᠨ ᠳᠤ ᠴᠦ ᠬᠢᠯᠪᠠᠷ ᠲᠡᠶᠢᠯᠦᠭᠳᠡᠨ᠎ᠡ᠂ ᠠᠬ᠎ᠠ ᠲᠡᠭᠦᠦ ᠲᠠᠪᠤᠭᠤᠯᠠ ᠡᠶ᠎ᠡ ᠪᠦᠯᠬᠦᠮᠳᠡᠯ ᠲᠠᠢ ᠶᠠᠪᠤᠪᠠᠯ ᠪᠠᠭᠯᠠᠭ᠎ᠠ ᠲᠠᠢ ᠲᠠᠪᠤᠨ ᠮᠦᠰᠦ ᠰᠢᠭ ᠪᠤᠰᠤᠳ ᠲᠤ ᠬᠢᠯᠪᠠᠷᠬᠠᠨ ᠲᠡᠶᠢᠯᠦᠭᠳᠡᠬᠦ ᠦᠭᠡᠢ ᠪᠠᠶᠢᠬᠤ ᠪᠤᠯᠤᠨ᠎ᠠ︾ ᠭᠡᠵᠦ ᠰᠤᠷᠭᠠᠵᠦ ᠭᠡᠨ᠎ᠡ᠃     ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ   
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2