ᠰᠢᠭᠦᠰᠤᠨ ᠤ ᠮᠠᠬᠳᠠᠭᠠᠯ
ᠨᠡᠶᠢᠲᠡᠯᠡᠭᠰᠡᠨ ᠴᠠᠭ᠄
2024/11/7
      ᠰᠢᠭᠦᠰᠤᠨ ᠤ ᠮᠠᠬᠳᠠᠭᠠᠯ              ᠤᠮ ᠰᠠᠶᠢᠬᠠᠨ ᠠᠮᠤᠭᠤᠯᠠᠩ ᠪᠤᠯᠲᠤᠭᠠᠢ      ᠡᠩᠬᠡ ᠰᠠᠶᠢᠬᠠᠨ ᠵᠢᠷᠭᠠᠯᠠᠩ ᠪᠤᠯᠲᠤᠭᠠᠢ      ᠡᠵᠡᠨ ᠴᠢᠩᠭᠢᠰ ᠤᠨ ᠲᠤᠭᠲᠠᠭᠠᠭᠰᠠᠨ ᠬᠠᠤᠯᠢ      ᠦᠷᠯᠦᠭ ᠮᠤᠩᠭᠤᠯ ᠤᠨ ᠶᠡᠭᠡ ᠵᠢᠷᠤᠮ ᠢᠶᠠᠷ      ᠦᠷᠦᠵᠤ ᠲᠠᠪᠠᠭᠯᠠᠭᠰᠠᠨ ᠪᠦᠬᠦᠯᠢ ᠰᠢᠬᠦᠰᠦ ᠪᠤᠯ      ᠤᠪᠤᠭ᠎ᠠ ᠰᠢᠲᠦᠭᠡᠨ ᠤ ᠰᠠᠩ ᠤᠨ ᠲᠠᠬᠢᠯᠭ᠎ᠠ ᠳᠤ      ᠤᠯᠤᠰ ᠬᠦᠷᠦᠨ ᠤ ᠨᠠᠶᠢᠷ ᠤᠨ ᠰᠢᠷᠡᠭᠡᠨ ᠳᠤ      ᠤᠨᠴᠠ ᠶᠢᠨ ᠴᠢᠬᠤᠯᠠ ᠤᠷᠢᠯᠭ᠎ᠠ ᠵᠠᠯᠠᠯᠭ᠎ᠠ ᠳᠤ      ᠤᠴᠢᠵᠤ ᠢᠷᠡᠬᠦ ᠬᠦᠨᠳᠦᠲᠦ ᠵᠤᠴᠢᠨ ᠳᠤ      ᠦᠨᠳᠦᠷ ᠨᠠᠰᠣᠲᠠᠨ ᠤ ᠨᠠᠰᠣᠨ ᠪᠠᠶᠠᠷ ᠲᠤ      ᠦᠰᠪᠦᠷᠢ ᠵᠠᠯᠠᠭᠤᠰ ᠤᠨ ᠤᠷᠤᠭ ᠬᠤᠷᠢᠮ ᠳᠤ      ᠦᠷᠡᠵᠢᠯᠲᠤ ᠰᠦᠷᠦᠭ ᠤᠨ ᠬᠡᠰᠢᠭ ᠲᠠᠯᠠᠯᠭ᠎ᠠ ᠳᠤ      ᠦᠷᠭᠦᠭᠡ ᠰᠢᠨ᠎ᠡ ᠭᠡᠷ ᠤᠨ ᠮᠢᠯᠢᠶᠠᠯᠭ᠎ᠠ ᠳᠤ      ᠲᠠᠭᠠᠨ᠎ᠠ ᠬᠦᠮᠡᠯᠢ ᠲᠠᠢ ᠬᠤᠷ ᠪᠠᠯᠴᠢᠭᠡᠷ ᠲᠤ      ᠲᠠᠷᠭᠤ ᠦᠭᠡᠬᠦ ᠳᠦᠬᠦᠷᠡᠩ ᠠᠪᠣᠭᠰᠠᠨ      ᠲᠦᠮᠡᠨ ᠬᠤᠨᠢᠨ ᠤ ᠲᠦᠷᠦᠬᠦᠦ ᠢᠷᠭᠡ ᠪᠠᠨ      ᠲᠦᠷᠦ ᠶᠢᠨ ᠢᠳᠡᠭᠡᠨ ᠰᠢᠭᠦᠰᠦ ᠪᠤᠯᠭᠠᠵᠤ      ᠲᠤᠯᠭ᠎ᠠ ᠶᠢᠨ ᠭᠠᠯ ᠢᠶᠠᠨ ᠪᠠᠳᠠᠷᠠᠭᠠᠨ ᠬᠦᠭᠵᠢᠭᠡᠵᠤ      ᠲᠤᠯᠤᠭᠠᠢ ᠶᠢᠨ ᠦᠰᠦ ᠶᠢ ᠨᠢ ᠬᠠᠭᠠᠷᠢᠨ ᠬᠤᠶᠢᠬᠠᠯᠠᠵᠤ      ᠲᠤᠮᠤ ᠤᠭᠤᠴᠠ ᠶᠢ ᠨᠢ ᠬᠡᠪᠲᠡᠭᠡ ᠬᠡᠪᠰᠢᠬᠦᠯᠵᠤ      ᠳᠦᠷᠪᠡᠨ ᠮᠦᠴᠢ ᠶᠢ ᠨᠢ ᠵᠤᠭᠰᠤᠭ᠎ᠠ ᠡᠪᠰᠢᠬᠦᠯᠵᠤ      ᠰᠢᠷᠦᠬᠦᠨ ᠭᠠᠯ ᠢᠶᠠᠷ ᠪᠤᠴᠠᠯᠭᠠᠯ ᠦᠬᠡᠢ      ᠰᠢᠷᠬᠡᠭ ᠰᠡᠭᠦᠯ ᠢ ᠨᠢ ᠬᠠᠭᠠᠷᠢᠭᠳᠠᠭᠤᠯᠤᠯ ᠦᠬᠡᠢ      ᠰᠢᠨᠵᠢ ᠶᠠᠩᠵᠤ ᠶᠢ ᠨᠢ ᠡᠪᠳᠡᠯ ᠦᠬᠡᠢ      ᠰᠢᠭᠦᠰᠦᠯᠡᠵᠤ ᠪᠤᠯᠭᠤᠭᠰᠠᠨ ᠤ ᠰᠡᠭᠦᠯᠡᠷ      ᠳᠤᠮᠳᠠ ᠮᠤᠳᠤᠨ ᠤ ᠦᠨᠳᠦᠰᠦ ᠶᠢ      ᠳᠤᠭᠤᠶᠢᠯᠠᠵᠤ ᠤᠬᠤᠵᠤ ᠬᠢᠭᠰᠡᠨ      ᠬᠤᠰᠣᠨ ᠮᠤᠳᠤᠨ ᠤ ᠦᠨᠳᠦᠰᠦ ᠶᠢ      ᠬᠤᠩᠬᠤᠶᠢᠯᠠᠵᠤ ᠰᠡᠶᠢᠯᠵᠤ ᠬᠢᠭᠰᠡᠨ      ᠪᠤᠷᠬᠠᠨ ᠰᠢᠲᠦᠭᠡᠨ ᠢᠶᠠᠨ ᠰᠢᠭ ᠵᠠᠰᠠᠳᠠᠭ      ᠪᠤᠶᠠᠨᠲᠤ ᠴᠠᠭᠠᠨ ᠰᠠᠷ᠎ᠠ ᠳᠤ ᠢᠳᠡᠭᠡᠭ ᠲᠠᠪᠠᠭᠯᠠᠳᠠᠭ     ᠪᠣᠰᠣᠳ ᠴᠠᠭ ᠲᠤ ᠵᠠᠷᠤᠳᠠᠭ ᠦᠬᠡᠢ     ᠪᠦᠳᠦᠬᠦᠨ ᠲᠦᠬᠦᠷᠢᠭ ᠲᠠᠪᠠᠭ ᠲᠠᠭᠠᠨ      ᠤᠷᠳᠤ ᠬᠠ ᠶᠢ ᠨᠢ ᠡᠮᠦᠨᠡᠰᠢ ᠬᠠᠨᠳᠤᠭᠤᠯᠵᠤ      ᠦᠨᠳᠦᠷ ᠳᠦᠷᠪᠡᠨ ᠬᠠᠪᠢᠷᠭ᠎ᠠ ᠶᠢ ᠨᠢ ᠳᠠᠭᠠᠭᠤᠯᠵᠤ      ᠪᠤᠭᠲᠤᠭᠤᠰᠣᠨ ᠵᠠᠯᠠᠭ᠎ᠠ ᠶᠢ ᠨᠢ ᠨᠤᠭᠤᠯᠵᠤ      ᠪᠣᠰᠤᠭ᠎ᠠ ᠶᠠᠩᠵᠤ ᠪᠠᠷ ᠨᠢ ᠵᠢᠭᠰᠠᠭᠠᠵᠤ      ᠠᠷᠤ ᠭᠤᠶ᠎ᠠ ᠶᠢ ᠨᠢ ᠤᠷᠤᠭᠰᠢ ᠬᠠᠨᠳᠤᠭᠤᠯᠵᠤ      ᠠᠯᠬᠤᠵᠤ ᠶᠠᠪᠤᠵᠤ ᠪᠠᠶᠢᠬᠤ ᠪᠠᠷ ᠶᠠᠩᠵᠤᠯᠠᠵᠤ      ᠠᠯᠳᠠ ᠱᠠᠭᠠᠨᠲᠤ ᠶᠢ ᠨᠢ ᠦᠶᠡᠯᠡᠵᠤ      ᠠᠰᠬᠠᠨ ᠵᠤᠭᠰᠤᠭ᠎ᠠ ᠪᠤᠯᠭᠠᠡ ᠵᠠᠰᠠᠵᠤ      ᠤᠭᠤᠴᠠ ᠨᠢᠷᠤᠭᠤ ᠶᠢ ᠨᠢ ᠭᠤᠤᠯ ᠳᠠᠭᠠᠨ ᠲᠠᠯᠪᠢᠵᠤ      ᠤᠴᠢᠷ ᠶᠣᠰᠣ ᠲᠠᠢ ᠡᠪᠯᠢᠭ ᠦᠷᠦᠵᠤ      ᠤᠷᠲᠤ ᠰᠡᠭᠡᠷ ᠢ ᠨᠢ ᠲᠡᠭᠰᠢ ᠪᠠᠶᠢᠯᠭᠠᠵᠤ      ᠤᠳᠬ᠎ᠠ ᠲᠡᠭᠦᠰ ᠪᠠᠶᠢᠷᠢᠰᠢᠭᠤᠯᠤᠨ      ᠲᠦᠷᠦᠬᠦᠦ ᠲᠤᠯᠤᠭᠠᠢ ᠶᠢ ᠨᠢ ᠶᠢᠰᠦᠨᠲᠡ ᠬᠦᠨᠳᠡᠵᠤ      ᠲᠡᠭ ᠳᠤᠮᠳᠠ ᠨᠢ ᠪᠡᠯᠭᠡᠳᠡᠯ ᠪᠤᠯᠭᠠᠵᠤ      ᠲᠤᠰᠣ ᠦᠷᠦᠮ᠎ᠡ ᠶᠢᠨ ᠳᠡᠭᠡᠵᠢ ᠪᠠᠷ ᠮᠢᠯᠢᠶᠠᠵᠤ      ᠲᠤᠩ ᠬᠢᠴᠢᠶᠡᠩᠬᠦᠢ ᠶᠣᠰᠣ ᠪᠠᠷ ᠵᠠᠰᠠᠵᠤ      ᠪᠦᠬᠦ ᠵᠦᠢᠯ ᠢ ᠬᠦᠢᠴᠡᠳᠭᠡᠭᠰᠡᠨ ᠤ ᠳᠠᠷᠠᠭ᠎ᠠ      ᠪᠦᠭᠦᠳᠡ ᠮᠤᠩᠭᠤᠯ ᠤᠨ ᠶᠡᠭᠡ ᠵᠢᠷᠤᠮ ᠢᠶᠠᠷ      ᠪᠦᠬᠦᠯᠢ ᠰᠢᠭᠦᠰᠦ ᠪᠠᠨ ᠰᠢᠷᠡᠭᠡᠨ ᠳᠤ ᠭᠠᠷᠭᠠᠵᠤ      ᠪᠦᠲᠦᠭᠡᠭᠰᠡᠨ ᠪᠡᠯᠭᠡ ᠮᠢᠨᠤ ᠲᠡᠭᠦᠰ ᠪᠢᠯᠡ      ᠲᠦᠷᠦ ᠶᠢᠨ ᠢᠳᠡᠭᠡᠨ ᠰᠢᠭᠦᠰᠦ ᠮᠢᠨᠢ      ᠲᠦᠮᠡᠨ ᠤᠯᠠᠨ ᠢᠶᠠᠨ ᠪᠠᠶᠠᠰᠬᠠᠬᠤ ᠪᠤᠯᠲᠤᠭᠠᠢ      ᠲᠦᠬᠦᠷᠢᠭ ᠰᠡᠭᠦᠯ ᠲᠠᠢ ᠬᠤᠨᠢᠳ ᠮᠢᠨᠢ      ᠲᠦᠮᠡ ᠪᠤᠮ ᠢᠶᠠᠷ ᠦᠷᠡᠵᠢᠬᠦ ᠪᠤᠯᠲᠤᠭᠠᠢ      ᠬᠤᠪᠢ ᠲᠡᠭᠦᠰ ᠢᠳᠡᠭᠡᠨ ᠵᠤᠭᠤᠭᠯᠠᠭᠠᠳ      ᠬᠤᠲᠠᠯᠠ ᠲᠦᠮᠡᠨ ᠮᠢᠨᠢ ᠵᠢᠷᠭᠠᠬᠤ ᠪᠤᠯᠲᠤᠭᠠᠢ      ᠬᠤᠲᠠ ᠪᠠᠷ ᠳᠦᠭᠦᠷᠦᠭᠰᠡᠨ ᠲᠠᠨᠠᠨ ᠡᠷᠳᠡᠨᠢ      ᠬᠤᠨᠢᠨ ᠰᠦᠷᠦᠭ ᠮᠢᠨᠢ ᠤᠯᠠᠮ ᠤᠯᠠᠰᠢᠷᠠᠲᠤᠭᠠᠢ︕  ᠢᠷᠡᠯᠲᠡ ᠄  ᠬᠤᠯᠪᠤᠭ᠎ᠠ  ᠪᠦᠷᠭᠡᠳᠡᠪᠰᠢᠭᠦᠯᠦᠭᠴᠢ ᠄  ᠲᠡᠷᠭᠡᠯ                            
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2