ᠲᠠᠯᠠᠨ ᠬᠠᠷ᠎ᠠ ᠶᠢᠨ ᠮᠠᠭᠳᠠᠭᠠᠯ
ᠨᠡᠶᠢᠲᠡᠯᠡᠭᠰᠡᠨ ᠴᠠᠭ᠄
2024/11/7
      ᠲᠠᠯᠠᠨ ᠬᠠᠷ᠎ᠠ ᠶᠢᠨ ᠮᠠᠭᠳᠠᠭᠠᠯ                                                                   ᠵᠤᠬᠢᠶᠠᠭᠴᠢ — ᠬᠠᠰᠳᠤᠩᠭᠠᠯᠠᠭ      ᠠᠯᠳᠠᠨ ᠬᠠᠭᠠᠨ ᠤ ᠦᠶ᠎ᠡ ᠠᠴᠠ ᠪᠠᠨ   ᠠᠷᠤ ᠦᠪᠤᠷ ᠲᠡᠭᠡᠨ ᠠᠯᠳᠠᠷ ᠲᠠᠢ   ᠠᠭᠤᠤ ᠮᠤᠩᠭᠤᠯ ᠤᠨ ᠠᠷᠠᠳ ᠲᠦᠮᠡᠨ ᠤ   ᠠᠰᠢᠳᠠ ᠤᠷᠤᠰᠢᠭᠰᠠᠨ ᠲᠠᠯᠠᠨ ᠬᠠᠷ᠎ᠠ    ᠲᠦᠮᠡᠳ ᠤᠨ ᠬᠦᠪᠡᠭᠦᠨ ᠤᠯᠠᠭᠠᠨᠬᠦᠤ ᠶᠢᠨ   ᠲᠦᠷᠦ ᠵᠠᠰᠠᠭᠳᠤ ᠲᠠᠯᠠᠨ ᠬᠠᠷ᠎ᠠ   ᠲᠦᠭ ᠲᠦᠮᠡᠨ ᠮᠤᠩᠭᠤᠯᠴᠤᠳ ᠤᠨ   ᠲᠦᠰᠢᠭ ᠪᠤᠯᠤᠭᠰᠠᠨ ᠲᠠᠯᠠᠨ ᠬᠠᠷ᠎ᠠ    ᠬᠤᠯᠠᠨ ᠲᠠᠬᠢ ᠠᠷᠢᠶᠠᠳᠠᠨ ᠵᠢᠭᠦᠷᠳᠡᠨ   ᠬᠤᠷᠭᠤᠳᠤᠨ ᠨᠤᠳᠤᠭᠰᠢᠭᠰᠠᠨ ᠲᠠᠯᠠᠨ ᠬᠠᠷ᠎ᠠ   ᠬᠠᠪᠰᠤᠷᠭᠠᠨ ᠵᠤᠳ ᠰᠢᠭᠤᠷᠭᠠᠨ ᠳᠤ   ᠬᠠᠯᠬᠠᠪᠴᠢ ᠨᠦᠮᠦᠷᠢ ᠲᠠᠯᠠᠨ ᠬᠠᠷ᠎ᠠ    ᠲᠠᠯᠠᠶᠢᠴᠠ ᠲᠦᠷᠭᠡᠨ ᠬᠦᠭᠵᠢᠯᠳᠡ ᠲᠠᠢ   ᠲᠠᠯᠠᠩ ᠲᠠᠳᠠᠭᠰᠠᠨ ᠲᠠᠯᠠᠨ ᠬᠠᠷ᠎ᠠ   ᠲᠠᠶᠠᠭᠠᠷ ᠮᠤᠩᠭᠤᠯ ᠲᠦᠮᠡᠨ ᠤ   ᠲᠠᠷᠬᠠᠨ ᠦᠯᠦᠭᠡᠢ ᠲᠠᠯᠠᠨ ᠬᠠᠷ᠎ᠠ    ᠤᠳᠤᠮᠳᠤ ᠮᠤᠩᠭᠤᠯ ᠤᠨ ᠨᠤᠳᠤᠭ   ᠤᠨᠢᠶᠠᠷ ᠲᠠᠳᠠᠭᠰᠠᠨ ᠲᠠᠯᠠᠨ ᠬᠠᠷ᠎ᠠ   ᠤᠯᠤᠰ ᠦᠨᠳᠦᠰᠦᠳᠡᠨ ᠤ ᠪᠦᠯᠬᠦᠮᠳᠡᠯ ᠳᠤ   ᠠᠤᠭ᠎ᠠ ᠭᠠᠪᠢᠶ᠎ᠠ ᠲᠠᠢ ᠲᠠᠯᠠᠨ ᠬᠠᠷ᠎ᠠ    ᠦᠷᠯᠦᠭ ᠨᠠᠮ ᠤᠨ ᠪᠤᠳᠤᠯᠭ᠎ᠠ ᠶᠢ   ᠦᠨᠡᠨᠴᠢ ᠪᠠᠷ ᠲᠠᠭᠠᠳᠠᠭ ᠲᠠᠯᠠᠨ ᠬᠠᠷ᠎ᠠ   ᠦᠨᠳᠦᠰᠦᠳᠡᠨ ᠪᠦᠬᠦᠨ ᠪᠦᠯᠬᠦᠮᠳᠡᠭᠡᠳ   ᠦᠰᠦᠷᠦᠩᠭᠦᠢ ᠲᠠᠪᠰᠢᠭᠰᠠᠨ ᠲᠠᠯᠠᠨ ᠬᠠᠷ᠎ᠠ    ᠰᠦ ᠮᠢᠬᠠᠨ ᠤ ᠨᠡᠶᠢᠰᠯᠡᠯ ᠭᠡᠳ   ᠰᠦᠷᠡᠬᠡᠢ ᠨᠡᠷ᠎ᠡ ᠲᠠᠢ ᠲᠠᠯᠠᠨ ᠬᠠᠷ᠎ᠠ   ᠠᠯᠳᠠ ᠮᠦᠩᠭᠦ ᠪᠠᠷ ᠡᠯᠪᠡᠭ ᠪᠠᠶᠠᠯᠢᠭ   ᠠᠭᠤᠷᠬᠠᠢ ᠶᠢᠨ ᠭᠠᠷᠤᠯᠳᠠ ᠲᠠᠢ ᠲᠠᠯᠠᠨ ᠬᠠᠷ᠎ᠠ    ᠠᠭᠤᠯᠠ ᠤᠰᠤᠨ ᠤ ᠰᠦᠷ ᠰᠠᠬᠢᠭᠤᠰᠤᠨ   ᠠᠷᠠᠳ ᠲᠦᠮᠡᠨ ᠳᠡᠭᠡᠨ ᠢᠪᠡᠭᠡᠯᠳᠡᠢ   ᠠᠴᠢᠯᠠᠯ ᠶᠡᠬᠡᠳᠡᠢ ᠲᠠᠯᠠᠨ ᠬᠠᠷ᠎ᠠ ᠪᠠᠨ   ᠠᠯᠢ ᠶᠢ ᠨᠢ ᠮᠠᠭᠳᠠᠭᠠᠳ ᠪᠠᠷᠠᠨᠠᠤ ᠳ᠋ᠠ    ᠤᠶᠠᠩᠭᠠᠯᠠᠵᠦ ᠬᠡᠯᠡᠭᠰᠡᠨ ᠬᠤᠯᠪᠤᠭ᠎ᠠ ᠪᠠᠨ   ᠠᠳᠡ ᠪᠠᠨ ᠬᠦᠷᠦᠭᠡᠳ ᠲᠡᠭᠦᠰᠭᠡᠶ᠎ᠡ   ᠰᠤᠨᠤᠰᠴᠤ ᠰᠠᠭᠤᠭᠰᠠᠨ ᠲᠠ ᠪᠦᠬᠦᠨ ᠤ   ᠰᠠᠷᠠᠭᠤᠯ ᠡᠷᠡᠭᠦᠯ ᠢ ᠬᠤᠷᠤᠶᠢᠯᠠᠶ᠎ᠠ᠃ᠢᠷᠡᠯᠲᠡ᠄  ᠬᠤᠯᠪᠤᠭ᠎ᠠ  ᠪᠦᠷᠭᠡᠳᠡᠪᠰᠢᠭᠦᠯᠦᠭᠴᠢ᠄  ᠲᠡᠷᠭᠡᠯ 
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000440号-2